ᠨᠡᠪᠲᠡᠷᠡᠨ ᠤᠷᠤᠬᠤ
ᠪᠠᠭᠰᠢ ᠮᠢᠨᠢ

᠊᠊᠊᠊᠊᠊᠊᠊᠊᠊᠊᠊᠊᠊᠊ ᠡᠨᠡ ᠵᠢᠯ ᠪᠣᠷᠬᠠᠨ ᠪᠣᠯᠤᠭᠰᠠᠨ ᠰᠤᠷᠨᠠᠢ ᠪᠠᠭᠰᠢ ᠪᠠᠨ ᠮᠦᠷᠦᠭᠡᠳᠭᠦ ᠨᠢ


ᠰᠤᠶᠤᠯ ᠤᠨ ᠬᠤᠪᠢᠰᠬᠠᠯ ᠤᠨ ᠰᠢᠪᠳᠤᠷᠭᠠᠨ ᠤ ᠳᠠᠷᠠ ᠨᠢᠭᠡᠨ ᠵᠢᠯ

ᠰᠤᠶᠤᠯ ᠤᠨ ᠮᠦᠷ ᠢ ᠭᠦᠭᠡᠭᠡᠵᠤ ᠡᠮᠡᠭᠡᠯ ᠳᠤᠮᠳᠠᠳᠤ ᠳᠤ ᠢᠷᠡᠭᠡᠳ

ᠰᠤᠷᠭᠠᠭᠤᠯᠢ ᠡᠭᠢᠯᠡᠭᠦ ᠶᠤᠰᠤᠯᠠᠯ ᠤᠨ ᠳᠠᠷᠠ ᠨᠢᠭᠡᠨ ᠡᠳᠦᠷ ᠡᠴᠠ

ᠰᠤᠷᠭᠠᠭᠤᠯᠢ ᠶᠢᠨ ᠶᠢᠡᠨ ᠵᠠᠭᠢᠷᠤᠯ ᠰᠤᠷᠨᠠᠢ ᠪᠠᠭᠰᠢ ᠪᠠᠨ ᠳᠠᠨᠢᠵᠤ ᠠᠪᠣᠯ᠎ᠠ


ᠦᠨᠳᠦᠷ ᠮᠠᠷᠢᠶᠠᠯᠢᠭ ᠪᠠᠶ᠎ᠠ᠂ ᠦᠷᠭᠡᠨ ᠳᠡᠭ᠍ᠰᠢᠭᠡᠨ ᠮᠦᠷᠦ

ᠢᠨᠢᠶᠠᠳᠤ ᠠᠯᠳᠠᠭᠰᠠᠨ ᠬᠠᠷᠠᠬᠠᠨ ᠴᠢᠷᠠᠢ᠂ ᠦᠣᠡᠭᠡᠨ ᠰᠠᠢ᠌ᠬᠠᠨ ᠭᠦᠮᠦᠰᠭᠡ

ᠬᠤᠯᠠ ᠶᠢ ᠪᠠᠷᠠᠯᠠᠭᠰᠠᠨ ᠬᠠᠷᠠᠴᠠ᠂ ᠬᠤᠤᠰ ᠦᠭᠡᠶ ᠳᠡᠨᠢᠭᠦᠨ ᠠᠯᠬᠤᠭ᠎ᠠ

ᠭᠦᠩᠭᠢᠨᠡᠮ᠎ᠡ ᠳᠤᠳᠤ ᠬᠤᠭᠤᠯᠠᠢ᠂ ᠭᠦᠰᠡᠯ ᠳᠡᠮᠤᠯᠦᠭᠦᠯᠦᠭ᠍ᠰᠡᠨ ᠶᠠᠷᠢᠶ᠎ᠠ ᠳᠠᠢ


ᠮᠠᠯᠴᠢᠨ ᠤ ᠭᠡᠷ ᠲᠤ ᠳᠦᠷᠦᠭ᠍ᠰᠡᠨ ᠵᠢᠷ ᠤᠨ ᠨᠢᠭᠡᠨ ᠭᠦᠤ ᠪᠢᠯᠠ

ᠮᠠᠩᠬᠠᠨ ᠨᠤᠳᠤᠭ ᠤᠨ ᠰᠤᠷᠭᠠᠭᠤᠯᠢ ᠶᠢᠨ ᠡᠩ ᠤᠨ ᠨᠢᠭᠡᠨ ᠵᠠᠭᠢᠷᠤᠯ ᠪᠢᠯᠠ

ᠮᠤᠬᠤᠰᠢ ᠦᠭᠡᠶ ᠳᠡᠭ᠍ᠷᠢᠯᠢᠭ᠌ ᠴᠢᠩᠭᠡᠰ ᠤᠨ ᠬᠣᠢ᠌ᠴᠢᠰ ᠪᠢᠯᠠ

ᠮᠤᠩᠭ᠋ᠤᠯ ᠶᠢᠡᠨ ᠭᠡᠰᠡᠨ ᠮᠠᠨ ᠤ ᠭᠦᠡᠳᠦᠳᠤ ᠪᠠᠭᠰᠢ ᠪᠢᠯᠠ


ᠣᠯᠤᠰ ᠳᠦᠷᠤ ᠶᠢᠨ ᠭᠢᠴᠢᠶᠠᠯ ᠢ ᠮᠢᠨᠢ ᠵᠢᠭᠠᠭᠠᠤᠨ

ᠣᠴᠢᠷᠳᠠᠢ ᠰᠠᠢ᠌ᠬᠠᠨ ᠳᠠᠢ᠌ᠯᠪᠣᠷᠢᠯᠠᠳᠠᠭ ᠪᠠᠢ᠌ᠭᠰᠠᠨ ᠪᠠᠭᠰᠢ ᠮᠢᠨᠢ

ᠣᠯᠤᠰ ᠦᠨᠳᠦᠰᠦᠳᠠᠨ ᠳᠤ ᠪᠠᠨ ᠶᠠᠭᠠᠭᠢᠵᠤ ᠵᠢᠦᠡᠭᠦᠭᠦ ᠵᠢ

ᠣᠤᠠᠬ᠎ᠠ ᠭᠦᠨ ᠥᠪᠯᠡᠳᠡᠭ᠌ ᠪᠠᠢ᠌ᠭᠰᠠᠨ ᠪᠠᠭᠰᠢ ᠮᠢᠨᠢ


ᠡᠴᠢᠭᠡ ᠭᠦᠮᠤᠨ ᠤ ᠠᠷᠢᠭᠤᠨ ᠦᠨᠳᠦᠷ ᠬᠠᠢ᠌ᠷ᠎ᠠ ᠪᠠᠷ

ᠦᠷ᠎ᠡ ᠰᠤᠷᠤᠭᠴᠢ ᠪᠠᠨ ᠬᠠᠢ᠌ᠷᠠᠯᠠᠳᠠᠭ ᠪᠠᠢ᠌ᠭᠰᠠᠨ ᠪᠠᠭᠰᠢ ᠮᠢᠨᠢ

ᠡᠷᠭᠡ ᠵᠡᠷᠭᠡ ᠵᠠᠭᠠᠭ ᠢᠯᠭᠠᠭ᠎ᠠ ᠥᠭᠡᠢ

ᠢᠨᠢᠶᠠᠯᠴᠠᠵᠤ ᠭᠦᠦᠷᠨᠢᠯᠳᠦᠵᠤ ᠶᠠᠷᠢᠯᠴᠠᠳᠠᠭ ᠪᠠᠢ᠌ᠭᠰᠠᠨ ᠪᠠᠭᠰᠢ ᠮᠢᠨᠢ


ᠵᠢᠷᠦᠭᠡᠨ ᠣᠷᠤᠢ ᠶᠢᠨ ᠨᠤᠭᠤᠭ᠎ᠠ ᠶᠢᠨ ᠳᠠᠷᠢᠶᠠᠨ ᠤ ᠵᠠᠮ ᠵᠢᠠᠷ

ᠵᠡᠭᠦᠨ ᠪᠠᠷᠠᠭᠤᠨ ᠳᠠᠯ᠎ᠠ ᠳᠤ ᠴᠢᠨᠢ ᠳᠠᠭᠠᠵᠤ ᠭᠦᠶ‍ᠦᠵᠤ ᠶᠠᠪᠣᠭᠰᠠᠨ ᠰᠤᠷᠤᠭᠴᠢᠳ ᠴᠢᠨᠢ

ᠵᠦᠪᠯᠠᠵᠤ ᠵᠠᠭᠢᠳᠠᠭ ᠰᠤᠷᠭᠠᠯ ᠢ ᠴᠢᠨᠢ ᠰᠤᠨᠤᠰᠤᠭᠠᠤᠨ

ᠵᠢᠷᠦᠭᠡ ᠰᠡᠳᠭᠢᠯ ᠳᠤ ᠪᠠᠨ ᠪᠠᠶᠠᠰᠴᠤ ᠶᠠᠪᠣᠭᠰᠠᠨ ᠰᠤᠷᠤᠭᠴᠢᠳ ᠴᠢᠨᠢ


ᠳᠤᠭᠤᠰᠬ᠎ᠠ ᠰᠢᠳᠠᠭᠠᠬᠤ ᠵᠤᠤᠬ᠎ᠠ ᠶᠢᠨ ᠳᠡᠷᠭᠡᠳᠡ ᠮᠠᠨ ᠤ ᠳᠤᠮᠳᠠ

ᠳᠤᠮᠤ ᠪᠠᠶ᠎ᠠ ᠴᠢᠨᠢ ᠵᠤᠭᠰᠤᠭᠰᠠᠨ ᠭᠡᠪ ᠶᠢᠡᠷ ᠶᠢᠡᠨ ᠰᠡᠭᠦᠢᠭ᠍ᠰᠡᠭᠡᠷ ᠯᠠ ᠪᠠᠢ᠌ᠨ᠎ᠠ

ᠳᠤᠭᠤᠰᠤ ᠳᠠᠳᠠᠭᠰᠠᠨ ᠳᠠᠮᠢᠷ ᠤᠨ ᠣᠷᠤᠯᠳᠤᠭᠠᠨ ᠤ ᠨᠠᠷᠭᠢᠶᠠᠠᠳᠤ ᠳᠠᠯᠠᠪᠠᠢ ᠳ᠋ᠤ

ᠳᠤᠭ ᠰᠠᠵᠢᠭᠰᠠᠨ ᠪᠠᠷ᠎ᠠ ᠰᠡᠭᠦᠳᠡᠷ ᠴᠢᠨᠢ ᠬᠠᠷᠠᠭᠳᠠᠭᠰᠠᠭᠠᠷ ᠯᠠ ᠪᠠᠢ᠌ᠨ᠎ᠠ


ᠠᠵᠢᠯᠴᠢ ᠠᠷᠪᠢᠴᠢ ᠪᠠᠷ ᠰᠤᠷᠭᠠᠭᠤᠯᠢ ᠪᠠᠨ ᠪᠠᠢ᠌ᠭᠤᠯᠬᠤ ᠣᠷᠢᠶᠠᠯᠠᠭ᠎ᠠ ᠶᠢ ᠳᠠᠭᠠᠵᠤ

ᠠᠰ ᠤᠨ ᠪᠠᠶ᠎ᠠ ᠪᠠᠷ ᠶᠢᠡᠨ ᠣᠯᠠᠨ ᠶᠢᠡᠨ ᠳᠠᠭᠠᠭᠤᠯᠵᠤ ᠳᠠ ᠵᠢᠦᠡᠭᠦᠵᠤ ᠶᠠᠪᠣᠭᠰᠠᠨ

ᠠᠵᠢᠯ ᠭᠦᠳᠡᠯᠮᠦᠷᠢ ᠲᠡᠶ ᠨᠢᠭᠳᠠ ᠣᠶᠠᠯᠳᠤᠬᠤ ᠳᠦᠷᠤ ᠶᠢᠨ ᠶᠤᠰᠤ ᠶᠢ ᠮᠦᠷᠳᠠᠵᠤ

ᠠᠷᠴᠢᠭᠤᠷ ᠠᠳᠬᠤᠭᠤᠯᠵᠤ ᠭᠦᠳᠡᠯᠮᠦᠷᠢ ᠶᠢᠨ ᠳᠤᠮᠳᠠ ᠳᠠ ᠮᠠᠨ ᠢ ᠳᠠᠪᠳᠠᠭᠤᠯᠤᠭᠰᠠᠨ


ᠠᠵᠢᠯᠴᠢᠨ ᠳᠠᠷᠢᠶᠠᠴᠢᠨ ᠡᠴᠠ ᠳᠠᠭᠠᠵᠤ ᠰᠤᠷᠤᠯᠴᠠᠬᠤ ᠣᠷᠠᠢ ᠳᠠᠭᠤᠨ ᠢ ᠴᠤᠤᠷᠢᠶᠠᠳᠤᠵᠤ

ᠠᠷᠠᠯᠳᠤ ᠳᠡᠷᠭᠡᠨ ᠳᠤ ᠰᠠᠭᠤᠭᠠᠤᠨ ᠪᠠᠷᠢᠭᠠᠳᠠ ᠶᠢ ᠬᠠᠪᠰᠤᠷᠴᠤ ᠶᠠᠪᠣᠭᠰᠠᠨ

ᠠᠠᠳᠠᠢ ᠪᠦᠵᠢᠭ᠌ ᠶᠢᠡᠨ ᠳᠠᠭᠤᠯᠠᠭᠤᠯᠵᠤ ᠠᠷᠠᠤᠨ ᠤᠨ ᠶᠢᠡᠨ ᠣᠶᠤᠨ ᠢ ᠣᠮᠳᠠᠯᠠᠭᠠᠠᠠᠤᠨ

ᠠᠷᠢᠭᠤᠨ ᠰᠤᠶᠤᠯ ᠤᠨ ᠶᠢᠡᠨ ᠦᠷ᠎ᠡ ᠶᠢ ᠳᠠᠠᠳᠠ ᠰᠠᠴᠤᠵᠤ ᠶᠠᠪᠣᠭᠰᠠᠨ


ᠰᠢᠯᠦᠭ᠌ ᠤᠨ ᠣᠷᠤᠯᠳᠤᠭᠠᠨ ᠤ ᠠᠯᠢ ᠨᠢᠭᠡᠨ ᠣᠳᠠᠭᠠᠨ ᠴᠤ

ᠰᠤᠷᠤᠭᠴᠢᠳ ᠡᠴᠠ ᠪᠠᠨ ᠳᠤᠤᠷ᠎ᠠ ᠦᠭᠡᠶ ᠪᠠᠭᠰᠢ ᠳᠠ ᠮᠢᠨᠢ ᠭᠦᠭ᠍ᠰᠡᠵᠤ ᠶᠠᠪᠣᠭᠰᠠᠨ

ᠰᠠᠭᠤᠵᠤ ᠳᠤᠭᠳᠠᠯ ᠦᠭᠡᠶ ᠰᠡᠳᠭᠢᠯ ᠵᠢᠷᠦᠭᠡ ᠴᠢᠨᠢ ᠣᠪᠣᠯᠵᠠᠬᠤ ᠳᠤ ᠪᠠᠨ

ᠰᠢᠯᠦᠭᠯᠡᠵᠤ ᠳᠦᠷᠰᠦᠯᠡᠭᠡᠳ ᠮᠠᠨ ᠲᠡᠶ ᠬᠠᠮᠳᠤ ᠵᠢᠷᠭᠠᠵᠤ ᠶᠠᠪᠣᠭᠰᠠᠨ


ᠰᠤᠷᠭᠠᠭᠤᠯᠢ ᠶᠢᠨ ᠭᠦᠷᠢᠶᠡᠨ ᠤ ᠣᠷᠠᠯᠢᠭ ᠤᠨ ᠪᠦᠯᠭᠦᠮ ᠢ ᠳᠠ ᠪᠠᠶ᠎ᠠ ᠪᠠᠷ ᠶᠢᠡᠨ ᠪᠠᠢ᠌ᠭᠤᠯᠵᠤ

ᠰᠤᠳᠤᠨ ᠰᠠᠢ᠌ᠬᠠᠨ ᠮᠤᠩᠭ᠋ᠤᠯ ᠰᠤᠶᠤᠯ ᠤᠨ ᠶᠢᠡᠨ ᠣᠷᠠᠯᠢᠭ ᠤᠨ ᠭᠠᠯ ᠢ ᠠᠰᠠᠭᠠᠵᠤ

ᠰᠤᠤ ᠪᠢᠯᠢᠭ᠍ᠳᠤ ᠵᠢᠷᠦᠭᠡ ᠪᠠᠭᠰᠢ ᠲᠡᠶ ᠰᠡᠳᠭᠢᠯ ᠨᠢᠭᠡᠳᠤᠨ ᠪᠠᠢ᠌ᠯᠳᠤᠵᠤ

ᠰᠤᠳᠤ ᠣᠷᠭᠤᠭᠤᠯᠵᠤ ᠦᠷ᠎ᠡ ᠰᠤᠷᠤᠭᠴᠢ ᠪᠠᠨ ᠤᠶᠠᠩ‍ᠭ᠎ᠠ ᠶᠢᠨ ᠳᠡᠭ᠍ᠷᠢ ᠳᠤ ᠨᠢᠰᠭᠡᠭ᠍ᠰᠡᠨ


ᠭᠦᠭ᠍ᠵᠢᠮᠳᠡᠭᠦ ᠳᠤᠷᠠᠳᠠᠢ᠂ ᠳᠠᠭᠤᠯᠠᠬᠤ ᠳᠤᠷᠠᠳᠠᠢ᠂ ᠰᠢᠯᠦᠭᠯᠡᠭᠦ ᠳᠤᠷᠠᠳᠠᠢ ᠮᠢᠨᠤ ᠪᠠᠭᠰᠢ

ᠭᠦᠭᠡ ᠮᠤᠩᠭ᠋ᠤᠯ ᠤᠨ ᠴᠢᠰᠤ ᠣᠷᠤᠰᠤᠭᠰᠠᠨ ᠮᠤᠩᠭ᠋ᠤᠯ ᠭᠦᠮᠤᠨ ᠤ ᠨᠢᠭᠡ ᠡ

ᠭᠦᠳᠡᠭᠡ ᠳᠤ ᠳᠦᠷᠡᠯᠵᠡᠭ᠍ᠰᠡᠨ ᠳᠦᠳᠡᠭ᠌ ᠭᠠᠯ ᠤᠨ ᠪᠠᠳᠠᠷᠠᠭᠰᠠᠨ ᠨᠢᠭᠡᠨ ᠣᠴᠢ ᠡ

ᠭᠦᠭᠡ ᠳᠠᠪᠳᠠᠷ ᠲᠤ ᠨᠠᠷ᠎ᠠ ᠨᠢ ᠬᠤᠴᠤᠷᠬᠤ ᠪᠠᠭᠰᠢ ᠭᠦᠮᠤᠨ ᠤ ᠰᠤᠳᠤ ᠡ


ᠰᠢᠯᠭᠠᠯᠳᠠ ᠶᠢᠨ ᠳᠦᠷᠢᠮ ᠰᠡᠷᠭᠦᠵᠤ ᠰᠤᠷᠭᠠᠨ ᠭᠦᠮᠦᠵᠢᠯ ᠴᠢᠩᠭ᠋ᠠᠷᠠᠮᠠᠭᠴᠠ

ᠴᠢᠳᠠᠪᠣᠷᠢ ᠮᠡᠳᠡᠯᠭᠡ ᠬᠤᠤᠰᠯᠠᠭᠰᠠᠨ ᠪᠠᠭᠰᠢ ᠶᠢᠨ ᠡᠩᠨᠡᠭᠡ ᠪᠠᠨ ᠴᠢᠩᠭ᠋ᠠᠳᠬᠠᠭᠠᠤᠨ

ᠰᠢᠠᠳᠠᠰᠤ ᠬᠠᠳᠠᠭᠤ ᠮᠤᠩᠭ᠋ᠤᠯ ᠤᠨ ᠦᠷᠠᠰ ᠶᠢᠡᠨ ᠳᠠᠷᠠᠭ᠎ᠠ ᠳᠠᠷᠠᠭᠠᠯᠠᠨ ᠭᠦᠮᠦᠵᠢᠭᠦᠯᠵᠤ

ᠰᠢᠡᠵᠢᠯᠡᠭᠦ ᠣᠬᠠᠭᠠᠨ ᠤ ᠨᠤᠶᠠᠨ ᠣᠷᠭᠢᠯ ᠳᠤ ᠵᠢᠭᠦᠷ ᠣᠷᠭᠤᠭᠤᠯᠤᠨ ᠳᠡᠪᠳᠡᠷᠢᠭᠦᠯᠦᠭ᠍ᠰᠡᠨ


ᠥᠳᠡᠯᠦᠭᠡ ᠨᠠᠰᠤ ᠪᠠᠨ ᠪᠠᠭᠰᠢ ᠳᠠ ᠮᠢᠨᠢ ᠴᠤ ᠠᠮᠠᠷᠠᠵᠤ ᠰᠠᠭᠤᠵᠤ ᠵᠢᠷᠭᠠᠭ᠎ᠠ ᠥᠭᠡᠢ

ᠣᠭᠰᠠᠭᠠᠳᠠᠨ ᠤ ᠪᠠᠨ ᠬᠣᠢ᠌ᠴᠢᠰ ᠭᠡᠵᠤ 《ᠮᠠᠠᠳᠠ》 ᠰᠤᠷᠭᠠᠭᠤᠯᠢ ᠶᠢ ᠪᠠᠢ᠌ᠭᠤᠯᠵᠤ

ᠦᠨᠳᠦᠰᠦᠳᠠᠨ ᠤ ᠪᠠᠨ ᠰᠤᠶᠤᠯ ᠭᠡᠵᠤ ᠣᠪᠣᠭᠠᠨ ᠨᠠᠢ᠌ᠷ ᠢ ᠭᠢᠵᠤ

ᠦᠨᠡᠨ ᠤ ᠭᠠᠵᠠᠷ ᠶᠢᠡᠨ ᠭᠦᠷᠳᠡᠯ᠎ᠡ ᠵᠢᠦᠡᠭᠦᠵᠤ ᠳᠠᠮᠠᠤᠯᠠᠵᠤ ᠶᠠᠪᠣᠯ᠎ᠠ


ᠢᠳᠡᠭᠡᠯ ᠵᠢᠦᠡᠭᠦᠯ ᠤᠨ ᠴᠢᠨᠢ ᠠᠯᠳᠠᠨ ᠬᠠᠷᠭᠤᠢ ᠪᠠᠷ

ᠡᠮᠡᠭᠡᠯ ᠤᠨ ᠴᠢᠨᠢ ᠦᠷᠠᠰ ᠳᠤᠪᠳᠤᠯᠠᠬᠤ ᠶᠤᠮ ᠡ᠂

        ᠠᠮᠤᠷᠯᠠᠩᠭ᠋ᠤᠢ ᠶᠠᠪᠣᠭᠠᠷᠠᠢ ᠪᠠᠭᠰᠢ ᠮᠢᠨᠢ ᠡ︕

ᠢᠪᠢᠯᠦᠭ᠍ᠰᠡᠨ ᠬᠠᠢ᠌ᠷ᠎ᠠ ᠶᠢᠨ ᠴᠢᠨᠢ ᠰᠦᠨ ᠳᠤᠯᠭᠢᠶᠠᠨ ᠳ᠋ᠤ

ᠦᠨᠳᠦᠰᠦᠳᠠᠨ ᠤ ᠴᠢᠨᠢ ᠰᠤᠶᠤᠯ ᠣᠮᠳᠠᠯᠠᠭᠳᠠᠬᠤ ᠶᠤᠮ ᠡ᠂

        ᠠᠮᠤᠷᠯᠠᠩᠭ᠋ᠤᠢ ᠶᠠᠪᠣᠭᠠᠷᠠᠢ ᠪᠠᠭᠰᠢ ᠮᠢᠨᠢ︕


ᠡᠷᠳᠡᠮ ᠴᠤ ᠦᠭᠡᠶ ᠮᠡᠳᠡᠯᠭᠡ ᠴᠤ ᠦᠭᠡᠶ ᠡᠩ ᠤᠨ ᠨᠢᠭᠡ ᠰᠤᠷᠤᠭᠴᠢ ᠴᠢᠨᠢ

ᠡᠨᠡᠷᠢᠯᠳᠤ ᠳᠠᠨ ᠤ ᠰᠤᠷᠭᠠᠭᠰᠠᠨ ᠶᠠᠷᠤ ᠶᠢᠨ ᠨᠢᠭᠡᠨ ᠪᠠᠭᠰᠢ ᠭᠦᠮᠤᠨ

ᠡᠭᠡ ᠣᠷᠤᠨ ᠳᠤ ᠪᠠᠨ ᠭᠡᠵᠤ ᠭᠦᠮᠦᠵᠢᠭᠦᠯᠦᠭ᠍ᠰᠡᠨ ᠮᠤᠩᠭ᠋ᠤᠯ ᠤᠨ ᠨᠢᠭᠡᠨ ᠦᠬᠢᠨ

ᠡᠭᠡᠯ ᠪᠣᠷᠤᠭᠵᠢᠭᠤᠨ ᠰᠢᠯᠦᠭ᠌ ᠶᠢᠡᠷ ᠶᠢᠡᠨ ᠪᠠᠭᠰᠢ ᠳᠠᠨ ᠢ ᠪᠠᠨ ᠳᠤᠷᠠᠳᠬᠠᠯ᠎ᠠ ᠁




ᠵᠤᠬᠢᠶᠠᠭᠴᠢ ᠶᠢᠨ ᠬᠠᠶ‍ᠢᠭ᠄ ᠲᠦᠩᠯᠢᠶᠤᠤ ᠬᠤᠳᠠ᠂ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂ ᠡᠮᠡᠭᠡᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠠᠶᠠᠭᠤᠳ ᠳᠡᠭᠦᠦᠵᠡᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3051
ᠴᠠᠭ᠄ 2010 ᠤᠨ ᠤ 09 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ