☆ ᠶᠢᠨ ᠯᠦᠩ
ᠪᠣᠳᠤᠯ ᠤᠨ ᠡᠮᠵᠡᠭᠯᠡᠯ
ᠰᠠᠷᠠᠨ ᠭᠡᠯᠳᠡᠭᠡᠢ
ᠳᠡᠭ᠍ᠷᠢ ᠭᠡᠢ᠌ᠪᠠᠩᠳᠦᠨᠡ
ᠰᠠᠨᠠᠭ᠎ᠠ ᠰᠡᠮᠡᠷᠭᠡᠢ
ᠪᠣᠳᠤᠯ ᠰᠢᠷᠢᠯᠳᠤᠨᠠ ᠁᠁
ᠲ᠋ᠠᠷᠠ ᠨᠠᠮᠤᠷ
ᠳᠡᠷᠭᠡᠯ ᠰᠠᠷᠠᠨ ᠳᠤ
ᠳᠤᠷᠠᠯᠠᠯ ᠤᠨ ᠠᠩᠬᠠᠨ ᠤ ᠰᠢᠪᠠᠨᠡᠭᠡ
ᠳᠤᠮᠤᠭ ᠤᠨ ᠪᠦᠷᠦᠢ ᠳᠤ
ᠬᠠᠢ᠌ᠷ᠎ᠠ ᠪᠠᠷ ᠨᠢᠯᠬᠠᠷᠠᠵᠤ ᠪᠠᠢ᠌ᠭᠰᠠᠨ
ᠳᠠᠷᠠ ᠨᠠᠮᠤᠷ
ᠳᠤᠷᠠᠯᠠᠯ ᠤᠨ ᠳᠤᠬᠠᠢ
ᠦᠨᠡᠨ ᠤ ᠦᠯᠢᠭᠡᠷ
ᠳᠤᠤᠯᠢ ᠶᠢᠨ ᠠᠷᠤᠤᠬᠠᠨ ᠮᠤᠲ᠋ᠢᠹ ᠲᠡᠶ ᠪᠠᠨ
ᠵᠢᠷᠭᠠᠯ ᠶᠢᠡᠷ ᠪᠦᠵᠢᠵᠤ ᠪᠠᠢ᠌ᠭᠰᠠᠨ ᠁᠁
ᠲ᠋ᠠᠷᠠ ᠨᠠᠮᠤᠷ
ᠳᠡᠭᠡᠭᠡᠳ ᠯᠠ ᠥᠩᠭᠡᠷᠡᠭ᠍ᠰᠡᠨ᠂
ᠪᠣᠳᠤᠬᠤ ᠳᠤ
ᠵᠢᠷᠦᠭᠡᠨ ᠳᠤᠯᠳᠤ ᠳᠤ
ᠪᠣᠷᠬᠠᠨ ᠢ ᠠᠳᠠᠭᠠᠷᠠᠭᠤᠯᠤᠮᠠᠷ
ᠢᠨᠠᠭ ᠪᠠᠢ᠌ᠭᠰᠠᠨ᠃
ᠳᠠᠷᠠ ᠨᠠᠮᠤᠷ
ᠳᠡᠭᠡᠭᠡᠳ ᠯᠠ ᠥᠩᠭᠡᠷᠡᠭ᠍ᠰᠡᠨ᠂
ᠳᠠᠷᠠ ᠬᠤᠯᠠ ᠶᠢᠨ ᠵᠡᠭᠦᠳᠤ ᠪᠣᠯᠵᠤ
ᠮᠦᠷᠦᠭᠡᠳᠦᠯ ᠤᠨ ᠳᠤᠮᠳᠠ
ᠪᠦᠷᠳᠥᠢᠭᠦ ᠪᠣᠯᠤᠭᠰᠠᠨ᠃
ᠵᠡᠭᠦᠳᠤᠨ ᠳᠡᠭᠡᠨ ᠴᠤ
ᠬᠠᠷᠠᠮᠨᠠᠳᠠᠭ ᠪᠠᠢ᠌ᠭᠰᠠᠨ
ᠵᠢᠷᠦᠭᠡᠨ ᠳᠡᠭᠡᠨ
ᠮᠥᠩᠭᠡᠷᠡᠭᠦᠯᠦᠮ ᠪᠠᠢ᠌ᠭᠰᠠᠨ
ᠪᠣᠳᠠᠩ ᠲᠡᠶ ᠬᠤᠷᠸ᠎ᠠ ᠶᠢ
ᠪᠣᠰᠤᠭ᠎ᠠ ᠳᠤᠭᠤᠯᠤᠮᠠᠷ
ᠪᠣᠭᠤᠷᠤᠯ ᠪᠣᠯᠳᠠᠯ᠎ᠠ
ᠵᠢᠷᠭᠠᠵᠤ ᠰᠠᠭᠤᠮᠠᠷ
ᠬᠠᠢ᠌ᠷ᠎ᠠ ᠪᠠᠷ ᠭᠦᠪᠦᠷᠡᠵᠤ
ᠬᠠᠯᠭᠢᠶᠠᠨ ᠶᠢᠡᠷ ᠰᠡᠮᠡᠷᠡᠭ᠍ᠰᠡᠨ
ᠬᠠᠢ᠌ᠷᠠᠳᠤ ᠶᠢᠨ ᠮᠢᠨᠢ ᠬᠠᠢ᠌ᠷ᠎ᠠ
ᠬᠠᠢ᠌ᠷ᠎ᠠ ᠶᠢᠨ ᠮᠢᠨᠢ ᠳᠦᠭᠡᠷᠭᠡ
ᠰᠠᠷᠠᠨ ᠬᠠᠪᠢᠷᠭᠠᠯᠠᠬᠤ ᠪᠠᠷ
ᠰᠠᠯᠭᠢᠨ ᠰᠢᠪᠳᠠᠭᠤᠯᠬᠤ ᠪᠠᠷ
ᠳᠤᠷᠭᠤᠨ ᠨᠠᠢ᠌ᠷᠠᠭᠰᠠᠨ
ᠢᠨᠠᠭ ᠤᠨ ᠳᠤᠤᠯᠢᠰ ᠲᠤ ᠮᠢᠨᠢ
ᠳᠤᠭᠤᠯᠠᠩ ᠨᠢᠯᠪᠣᠰᠤ ᠲᠡᠶ
ᠬᠠᠶᠢᠭ ᠶᠢᠡᠨ ᠦᠯᠡᠳᠡᠭᠡᠭ᠍ᠰᠡᠨ ᠶᠤᠮ ᠡ ︕
ᠳᠠᠷᠠ ᠨᠠᠮᠤᠷ ᠁᠁
ᠰᠠᠷᠠᠨ ᠰᠡᠮᠡᠷᠡᠭᠡᠳ
ᠳᠡᠭ᠍ᠷᠢ ᠭᠡᠢ᠌ᠪᠠᠩᠳᠦᠨᠡ
ᠰᠠᠨᠠᠭ᠎ᠠ ᠭᠡᠮᠦᠷᠡᠭᠡᠳ
ᠪᠣᠳᠤᠯ ᠡᠮᠵᠡᠭᠯᠡᠨ᠎ᠡ ᠁᠁
2010 ᠣᠨ ᠤ 7ᠰᠠᠷ᠎ᠠ ᠶᠢᠨ 2
ᠵᠤᠬᠢᠶᠠᠭᠴᠢ ᠶᠢᠨ ᠬᠠᠶᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠶᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2677
ᠴᠠᠭ᠄ 2010 ᠤᠨ ᠤ 07 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ