☆ ᠳᠤᠷᠤᠨᠠᠴᠡᠴᠡᠭ
ᠨᠤᠳᠤᠭ ᠤᠨ ᠮᠦᠷᠦᠭᠡᠳᠦᠯ
ᠬᠠᠷᠢ ᠶᠢᠨ ᠭᠠᠵᠠᠷ ᠰᠠᠭᠤᠬᠤ ᠳᠤ
ᠬᠠᠨᠠᠭᠠᠷ ᠠᠭᠤᠳᠠᠮ ᠨᠤᠳᠤᠭ ᠮᠢᠨᠢ ᠳᠤᠷᠠᠰᠤᠭᠳᠠᠨ
ᠬᠠᠷᠠᠬᠤ ᠬᠤᠶᠠᠷ ᠨᠢᠳᠤ ᠶᠢ ᠮᠢᠨᠢ
ᠬᠠᠯᠠᠭᠤᠨ ᠨᠢᠯᠪᠣᠰᠤ ᠪᠦᠷᠭᠦᠭᠡᠳ ᠪᠠᠢ᠌ᠨ᠎ᠠ
ᠠᠷᠤ ᠶᠢᠨ ᠦᠨᠳᠦᠷ ᠠᠭᠤᠯᠠ ᠶᠢ ᠬᠠᠷᠠᠬᠤ ᠳᠤ
ᠠᠪᠣ ᠶᠢᠨ ᠳᠦᠷᠢ ᠰᠢᠭ᠌ ᠰᠡᠭᠦᠢᠨ ᠰᠦᠨᠳᠠᠷᠯᠠᠵᠤ
ᠠᠯᠠᠭ ᠬᠤᠶᠠᠷ ᠨᠢᠳᠤ ᠶᠢ ᠮᠢᠨᠢ
ᠠᠰᠬᠠᠷᠠᠬᠤ ᠨᠢᠯᠪᠣᠰᠤ ᠪᠦᠷᠭᠦᠭᠡᠳ ᠪᠠᠢ᠌ᠨ᠎ᠠ
ᠣᠨᠢᠶᠷᠳᠤᠨ ᠨᠡᠭᠦᠳᠡᠯᠯᠡᠭᠦ ᠡᠭᠦᠯᠡᠰ ᠢ ᠬᠠᠷᠠᠬᠤ ᠳᠤ
ᠣᠶᠠᠬᠠᠨ ᠡᠵᠢ ᠶᠢᠨ ᠮᠢᠨᠢ ᠪᠠᠷ᠎ᠠ ᠳᠤᠳᠤᠷᠠᠨ
ᠣᠰᠬᠠᠯ ᠬᠤᠶᠠᠷ ᠨᠢᠳᠤ ᠶᠢ ᠮᠢᠨᠢ
ᠣᠷᠤᠰᠬᠤ ᠨᠢᠯᠪᠣᠰᠤ ᠪᠦᠷᠭᠦᠭᠡᠳ ᠪᠠᠢ᠌ᠨ᠎ᠠ
ᠭᠠᠯᠠᠭᠤᠨ ᠰᠢᠪᠠᠭᠤ ᠳᠤᠩᠭ᠋ᠤᠤᠠᠬᠤ ᠳᠤ
ᠭᠠᠵᠠᠷ ᠣᠰᠤ ᠮᠢᠨᠢ ᠰᠠᠨᠠᠭᠳᠠᠨ
ᠭᠠᠯ ᠲᠡᠶ ᠬᠤᠶᠠᠷ ᠨᠢᠳᠤ ᠶᠢ ᠮᠢᠨᠢ
ᠭᠠᠰᠢᠭᠤᠨ ᠨᠢᠯᠪᠣᠰᠤ ᠪᠦᠷᠭᠦᠭᠡᠳ ᠪᠠᠢ᠌ᠨ᠎ᠠ
ᠲ᠋ᠤᠭᠤᠭ᠎ᠠ ᠲᠡᠶ ᠰᠦ᠋ ᠪᠠᠨ ᠰᠠᠮᠤᠷᠠᠨ ᠰᠠᠭᠤᠬᠤ ᠳᠤ
ᠳᠤᠭᠤᠨᠤᠳᠤ ᠰᠠᠢ᠌ᠬᠠᠨ ᠭᠡᠷ ᠮᠢᠨᠢ ᠥᠭᠡᠢ᠌ᠯᠡᠭ᠍ᠳᠡᠭᠡᠳ
ᠳᠤᠷᠮᠤᠭᠤᠷ ᠬᠤᠶᠠᠷ ᠨᠢᠳᠤ ᠶᠢ ᠮᠢᠨᠢ
ᠳᠤᠷᠭᠠᠨ ᠨᠢᠯᠪᠣᠰᠤ ᠪᠦᠷᠭᠦᠭᠡᠳ ᠪᠠᠢ᠌ᠨ᠎ᠠ
ᠪᠦᠷᠳᠡᠯᠵᠡᠨ ᠥᠩᠭᠡᠷᠡᠭᠦ ᠬᠤᠯᠠ ᠶᠢᠨ ᠵᠡᠷᠭᠡᠯᠭᠡᠨ ᠳᠤ
ᠪᠦᠪᠠᠢ ᠶᠢᠨ ᠳᠠᠭᠤᠤ ᠲᠡᠶ ᠦᠯᠦᠭᠡᠢ ᠮᠢᠨᠢ ᠡᠷᠢᠭ᠍ᠳᠡᠨ
ᠪᠦᠷᠭᠦᠷ ᠬᠤᠶᠠᠷ ᠨᠢᠳᠤ ᠶᠢ ᠮᠢᠨᠢ
ᠪᠦᠯᠢᠶᠡᠨ ᠨᠢᠯᠪᠣᠰᠤ ᠪᠦᠷᠭᠦᠭᠡᠳ ᠪᠠᠢ᠌ᠨ᠎ᠠ
ᠮᠥᠩᠭᠦᠨ ᠰᠠᠷᠠᠨ ᠤ ᠳᠤᠤᠷ᠎ᠠ ᠰᠡᠷᠢᠭᠦᠴᠡᠨ ᠠᠯᠬᠤᠬᠤ ᠳᠤ
ᠮᠤᠩᠭ᠋ᠤᠯ ᠤᠨ ᠰᠠᠢ᠌ᠬᠠᠨ ᠨᠤᠳᠤᠭ ᠮᠢᠨᠢ ᠰᠠᠨᠠᠭᠳᠠᠨ
ᠮᠣᠢ᠌ᠯ ᠬᠠᠷ᠎ᠠ ᠨᠢᠳᠤ ᠶᠢ ᠮᠢᠨᠢ
ᠮᠦᠷᠦᠭᠡᠳᠦᠯ ᠤᠨ ᠨᠢᠯᠪᠣᠰᠤ ᠪᠦᠷᠭᠦᠭᠡᠳ ᠪᠠᠢ᠌ᠨ᠎ᠠ ︕
ᠵᠤᠬᠢᠶᠠᠭᠴᠢ ᠶᠢᠨ ᠬᠠᠶᠢᠭ᠄ ᠰᠢᠠᠵᠢᠶᠠᠩ ᠪᠠᠶᠠᠠᠭᠤᠤᠯ ᠵᠸᠤ ᠾᠸᠵᠢᠩ ᠰᠢᠶᠠᠨ ᠤ ᠦᠯᠵᠠᠢ᠌ᠳᠤ᠊ᠠ᠋ᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶ᠎ᠠ
ᠵᠤᠬᠢᠶᠠᠭᠴᠢ᠄ ᠳᠤᠷᠤᠨᠠᠴᠡᠴᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2676
ᠴᠠᠭ᠄ 2010 ᠤᠨ ᠤ 08 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ