ᠨᠡᠪᠲᠡᠷᠡᠨ ᠤᠷᠤᠬᠤ
ᠰᠤᠯᠠ ᠳᠠᠳᠠᠯᠭ᠎ᠠ

1

ᠪᠣᠰᠤᠭ᠎ᠠ ᠥᠰᠦᠭ᠌ ᠢ

ᠭᠡᠪᠳᠡᠭᠦᠯᠵᠤ ᠪᠢᠴᠢᠭ᠍ᠰᠡᠨ ᠳᠤ

ᠪᠣᠳᠤᠯ ᠪᠣᠯᠵᠤ ᠪᠢ

ᠪᠦᠳᠦᠷᠢᠵᠤ ᠳᠡᠭᠡᠷ᠎ᠡ ᠨᠢ ᠣᠢ᠌ᠴᠢᠪᠠ

2

ᠡᠭᠡ ᠭᠡᠯᠡᠨ ᠤ ᠪᠠᠨ ᠭᠦᠡᠳᠦᠴᠡ ᠶᠢ

ᠭᠡᠮᠵᠢᠵᠤ ᠥᠵᠡᠭᠦ ᠭᠡᠳ

ᠭᠡᠳᠥᠴᠢᠨᠡᠭᠡᠨ ᠡᠷᠢᠭᠡᠳ

ᠭᠡᠮᠵᠢᠭᠦᠷ ᠣᠯᠤᠭᠰᠠᠨ ᠦᠭᠡᠶ

3

ᠥᠴᠦᠭᠡᠳᠦᠷ ᠶᠠᠮᠠᠷ ᠪᠣᠢ︖ ᠭᠡᠵᠤ

ᠦᠨᠦᠳᠤᠷ ᠡᠴᠡ ᠠᠰᠠᠭᠤᠬᠤ ᠳᠤ

ᠦᠨᠦᠳᠤᠷ ᠪᠣᠷᠤᠭᠤ ᠬᠠᠠᠳᠤᠵᠤ ᠣᠭᠢᠯᠠᠪᠠ

ᠣᠨᠠᠬᠤ ᠨᠢᠯᠪᠣᠰᠤ ᠪᠠᠷ ᠨᠢ ᠮᠠᠷᠭᠠᠰᠢ

ᠡᠮ ᠤᠨ ᠭᠦᠯᠭᠡ ᠭᠢᠭᠦ ᠭᠡᠵᠤ

ᠵᠢᠷᠦᠭᠡᠨ ᠴᠢᠰᠤ ᠪᠠᠷ ᠶᠢᠡᠨ ᠰᠢᠩᠭᠡᠯᠡᠨ᠎ᠡ

4

ᠥᠴᠦᠭᠡᠳᠦᠷ ᠤᠨ ᠵᠠᠮ ᠶᠢᠡᠨ

ᠨᠢᠯᠪᠣᠰᠤ ᠪᠠᠷ ᠪᠢᠴᠢᠭ᠍ᠰᠡᠨ ᠭᠦᠮᠤᠨ

ᠮᠠᠷᠭᠠᠰᠢ ᠶᠢᠨ ᠠᠶᠠᠨ ᠶᠢᠡᠨ

ᠢᠨᠢᠶᠠᠳᠤ ᠪᠠᠷ ᠣᠩᠰᠢᠨ᠎ᠠ

5

ᠥᠭᠡᠷ ᠳᠡᠷᠭᠡ ᠪᠠᠷ

ᠳᠠᠤᠯᠠᠢ ᠭᠦᠭᠡᠭᠡᠭᠦ ᠳᠤ

ᠡᠮᠦᠨᠡᠭᠢ ᠠᠩ ᠴᠢᠨᠢ

ᠥᠷᠦᠭᠡᠯ ᠤᠨ ᠭᠠᠠᠵᠤᠭᠠᠨ ᠳᠤ

ᠦᠨᠢ ᠮᠥᠩᠭᠡ ᠶᠢᠨ

ᠬᠠᠷᠠᠮᠰᠠᠯ ᠶᠢᠡᠨ ᠭᠡᠯᠡᠵᠤ ᠵᠠᠪᠳᠤᠯ ᠦᠭᠡᠶ

ᠴᠢᠮ᠎ᠠ ᠶᠢ ᠬᠠᠷᠠᠵᠤ

ᠴᠢᠰᠤ ᠪᠠᠷ ᠣᠭᠢᠯᠠᠨ᠎ᠠ

6

ᠠᠷᠤᠠᠰᠢ ᠪᠠᠨ ᠡᠷᠭᠢᠵᠤ

ᠠᠯᠬᠤᠭᠰᠠᠨ ᠮᠦᠷ ᠶᠢᠡᠨ ᠬᠠᠷᠠᠬᠤ ᠳᠤ

ᠨᠠᠮ᠎ᠠ ᠶᠢ ᠡᠭᠦᠷᠴᠤ ᠳᠡᠢ᠌ᠯᠭᠦ ᠦᠭᠡᠶ

ᠠᠮᠢᠰᠬᠤᠯ ᠳᠠᠪᠬᠤᠴᠠᠨ᠎ᠠ

7

ᠬᠠᠤᠯᠢ ᠶᠢ ᠪᠢ

ᠬᠤᠷᠢᠮ ᠳᠠᠭᠠᠨ ᠵᠠᠯᠠᠭᠰᠠᠨ ᠳᠤ

ᠬᠠᠬᠤᠤᠯᠢ ᠶᠢᠨ ᠳᠡᠷᠭᠡ ᠪᠠᠷ

ᠬᠣᠢ᠌ᠨ᠎ᠠ ᠬᠣᠢ᠌ᠨ᠎ᠠ ᠡᠴᠡ ᠪᠠᠨ ᠴᠤᠪᠣᠷᠠᠵᠤ

ᠬᠤᠷᠤᠭ᠎ᠠ ᠪᠠᠭᠳᠠᠬᠤ ᠦᠭᠡᠶ ᠪᠣᠯᠪᠠ

8

ᠪᠣᠷᠬᠠᠨ ᠳᠤ

ᠠᠷᠢᠭᠢ ᠰᠥᠩᠨᠡᠭᠦ ᠳᠤ

ᠴᠢᠦᠡᠭᠦᠷ ᠣᠷᠢᠳᠠᠪᠠᠷ

ᠰᠤᠭᠳᠤᠪᠠ

ᠪᠣᠳᠤᠯ ᠪᠣᠯᠵᠤ ᠪᠢ

ᠪᠣᠰᠴᠤ ᠳᠡᠢ᠌ᠯᠭᠦ ᠦᠭᠡᠶ

ᠰᠤᠭᠳᠤᠪᠠ

13

ᠦᠨᠡᠨ ᠤ ᠡᠭᠦᠳᠡ ᠳᠤ

ᠣᠨᠢᠰᠤ ᠲᠡᠶ

ᠬᠤᠳᠠᠯ ᠤᠨ ᠬᠠᠭᠠᠯᠭ᠎ᠠ ᠳᠤ

ᠳᠦᠯᠭᠢᠭᠦᠷ ᠲᠡᠶ

14

ᠦᠨᠡᠨ ᠢ ᠭᠡᠯᠡᠭ᠍ᠰᠡᠨ ᠭᠦᠮᠤᠨ ᠳᠤ

ᠥᠭᠦᠭᠦ ᠶᠠᠯ᠎ᠠ ᠦᠭᠡᠶ

ᠡᠳᠦᠷ ᠪᠦᠷᠢ

ᠬᠠᠷ᠎ᠠ ᠣᠰᠤ ᠪᠠᠷ ᠬᠤᠭᠤᠯᠠᠯᠠᠨ᠎ᠠ

15

ᠴᠠᠭ ᠤᠨ ᠥᠩᠭᠡ

ᠭᠦᠨᠡᠢ᠌ᠭᠢ

ᠴᠢᠷᠠᠢ ᠶᠢᠨ ᠥᠩᠭᠡ

ᠮᠢᠨᠤᠭᠢ

ᠵᠤᠬᠢᠶᠠᠭᠴᠢ᠄ ᠰᠢᠶ‍ᠧ ᠴᠢᠩ ᠱᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2009 ᠤᠨ ᠤ 06 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ