☆ ᠪᠣᠷᠵᠢᠭᠢᠨ·ᠥᠯᠵᠡᠢ᠌ᠳᠡᠯᠭᠡᠷ
ᠭᠠᠳᠠ ᠮᠠᠢ᠌ᠷᠠᠨ
ᠳᠠᠷᠠᠬᠠᠨ ᠬᠤᠰᠢᠭᠤᠨ ᠡᠴᠠ ᠪᠣᠰᠤᠭᠰᠠᠨ
ᠳᠠᠢ᠌ᠪᠣᠩ ᠰᠠᠯᠭᠢ
ᠳᠠᠶᠠᠩ ᠤᠨ ᠴᠢᠭᠢᠨ ᠳᠤ ᠳᠠᠭᠤᠷᠢᠰᠤᠭᠰᠠᠨ
ᠪᠠᠭᠠᠳᠤᠷᠯᠢᠭ ᠳᠤᠤᠯᠢ
ᠨᠠᠷᠠ ᠪᠠᠷ ᠴᠢᠨᠢ ᠳᠠᠭᠤᠳᠠᠬᠤ ᠳ᠋ᠤ
ᠨᠠᠷᠠ ᠳᠤᠯᠠᠢ᠌ᠵᠤ
ᠥᠶᠡᠷᠯᠡᠭᠦ ᠪᠠᠨ ᠮᠠᠷᠳᠠᠭᠰᠠᠨ
ᠦᠯᠵᠡᠢ᠌ᠮᠤᠷᠠᠨ ᠭᠤᠤᠯ ᠊ᠤᠨ
ᠭᠡᠦᠭᠡᠨ ᠭᠡᠪᠠᠯᠢ ᠡᠮᠵᠡᠭᠯᠡᠵᠤ
ᠡᠷᠭᠢ ᠨᠢ
ᠦᠨᠳᠦᠰᠦ ᠲᠡᠶ ᠪᠠᠨ ᠶᠡᠭᠦᠷᠡᠨ᠎ᠡ᠁
ᠮᠠᠨ ᠤ ᠨᠤᠳᠤᠭ ᠤᠨ ᠶᠠᠭᠤ ᠪᠦᠭᠦᠨ
ᠮᠠᠨ ᠤ ᠬᠢ ᠪᠢᠰᠢ ᠰᠢᠭ᠌
ᠰᠤᠬᠤᠷ ᠨᠤᠮᠤᠨ ᠤ ᠠᠭᠰᠤᠮᠨᠠᠵᠤ
ᠭᠠᠵᠠᠷ ᠣᠷᠪᠠᠭᠤᠯᠬᠤ ᠮᠡᠳᠡᠭᠡ
ᠨᠤᠳᠤᠭ ᠪᠠᠭᠳᠠᠬᠤ ᠦᠭᠡᠶ ᠳᠠᠭᠤᠷᠢᠰᠴᠤ
ᠠᠷᠤ ᠭᠠᠵᠠᠷ ᠤᠨ ᠣᠮᠤᠭᠯᠠᠩ ᠡᠷᠡᠰ ᠤᠳ
《ᠭᠠᠳᠠ ᠮᠠᠢ᠌ᠷᠠᠨ》 ᠊ᠤ ᠵᠢᠪᠬᠤᠯᠠᠩᠳᠤ ᠠᠶᠠᠰ ᠢᠰᠭᠢᠷᠴᠤ
ᠠᠳᠤᠭᠤ ᠪᠠᠨ
ᠠᠯᠠᠰᠢᠨ ᠤ ᠭᠠᠵᠠᠷ ᠳᠠᠭᠤᠬᠤ
ᠠᠶᠤᠮᠰᠢᠭᠳᠤ ᠴᠢᠮᠡᠭᠡ
ᠳᠤᠭᠤᠨᠤ ᠪᠠᠷ ᠴᠤᠯᠴᠠᠷᠠᠬᠤ ᠳ᠋ᠤ
ᠭᠠᠴᠢᠭᠳᠠᠬᠤ ᠳ᠋ᠠᠭᠠᠨ
ᠭᠠᠷ ᠬᠠᠵᠠᠳᠠᠭ ᠬᠤᠯᠤᠭᠠᠨ᠎ᠠ ᠡᠴᠠ
ᠭᠠᠯ ᠳᠤ ᠣᠷᠤᠳᠠᠭ ᠬᠤᠯᠤᠭᠠᠨ᠎ᠠ ᠨᠢ
ᠠᠭᠤᠤ ᠶᠡᠭᠡ ᠶᠤᠮ ᠭᠡᠵᠤ
ᠭᠠᠵᠠᠷ ᠳᠤᠤᠷ᠎ᠠ
ᠭᠠᠳᠠ ᠶᠢᠨ ᠵᠢᠷᠦᠭᠡ ᠬᠠᠴᠢᠨ ᠭᠠᠴᠢᠭᠳᠠᠨ᠎ᠠ᠃
1997.4.9
ᠵᠤᠬᠢᠶᠠᠭᠴᠢ ᠶᠢᠨ ᠬᠠᠶᠢᠭ ᠄ ᠪᠠᠭᠠᠷᠢᠨ ᠪᠠᠷᠠᠭᠤᠨ ᠬᠤᠰᠢᠭᠤᠨ ᠤ ᠰᠢᠤᠳᠠᠨ ᠳᠤᠪᠴᠢᠶ᠎ᠠ ᠵᠢᠨ 40 ᠳ᠋ᠤᠭᠠᠷ ᠵᠠᠭᠢᠳᠠᠯ ᠤᠨ ᠬᠠᠢ᠌ᠷᠴᠠᠭ
ᠵᠤᠬᠢᠶᠠᠭᠴᠢ᠄ ᠪᠣᠷᠵᠢᠭᠢᠨ·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2009 ᠤᠨ ᠤ 12 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ