☆ ᠪᠣᠷᠵᠢᠭᠢᠳ ᠳ᠋ᠤᠷᠭᠢ
ᠠᠷᠠᠪᠵᠤᠷ ᠳᠠᠢ᠌ᠵᠢ ᠶᠢᠨ ᠳᠠᠢ᠌ᠴᠢᠩ ᠭᠦᠷᠤᠨ ᠳᠤ ᠬᠠᠰᠢᠭᠳᠠᠭᠰᠠᠨ ᠤ ᠳᠠᠷᠠᠭᠠᠭᠢ ᠰᠠᠭᠤᠷᠢᠰᠢᠯ ᠵᠢᠴᠢ ᠠᠵᠢᠯᠠᠯᠭᠠᠨ ᠤ ᠳᠤᠬᠠᠢ ᠮᠥᠴᠢᠳᠭᠡᠨ ᠥᠭᠦᠯᠡᠭᠦ ᠨᠢ
(ᠵᠢᠷᠭᠤᠳᠤᠭᠠᠷ ᠣᠳᠠᠭᠠᠨ ᠤ ᠪᠦᠭᠦ ᠣᠯᠤᠰ ᠤᠨ ᠣᠢ᠌ᠷᠠᠤᠨ ᠮᠤᠩᠭ᠋ᠤᠯ ᠤᠨ ᠳᠡᠦᠭᠡ ᠰᠤᠶᠤᠯ ᠤᠨ ᠡᠷᠳᠡᠮ ᠰᠢᠡᠵᠢᠯᠭᠡᠨ ᠤ ᠬᠤᠷᠠᠯ ᠳᠤ ᠳᠡᠪᠰᠢᠭᠦᠯᠪᠡ)
ᠡᠵᠡᠨ᠎ᠡ ᠳᠤᠷᠭᠤᠳ ᠤᠨ ᠠᠩᠬᠠᠳᠤᠭᠴᠢ ᠨᠤᠶᠠᠨ ᠠᠷᠠᠪᠵᠤᠷ ᠤᠨ ᠬᠠᠯᠢᠮᠠᠭ ᠨᠤᠳᠤᠭ ᠲᠠᠭᠠᠨ ᠪᠣᠴᠠᠵᠤ ᠡᠰᠡ ᠴᠢᠳᠠᠭᠰᠠᠨ ᠣᠴᠢᠷ ᠰᠢᠯᠳᠠᠭᠠᠨ ᠢ ᠮᠤᠩᠭ᠋ᠤᠯ᠂ ᠭᠢᠳᠠᠤᠨ ᠰᠤᠷᠪᠣᠯᠵᠢ ᠪᠣᠯᠤᠨ ᠭᠠᠳᠠᠭᠠᠳᠤ ᠶᠢᠨ ᠰᠤᠷᠪᠣᠯᠵᠢ ᠪᠢᠴᠢᠭ᠌ ᠲᠤ ᠳᠡᠮᠳᠡᠭᠯᠡᠨ ᠬᠤᠴᠤᠷᠭᠠᠭᠰᠠᠨ ᠨᠢ ᠦᠯᠡᠮᠵᠢ᠃ ᠮᠦᠨ ᠮᠤᠩᠭ᠋ᠤᠯᠴᠢ ᠡᠷᠳᠡᠮᠳᠡᠨ᠂ ᠰᠤᠳᠤᠯᠤᠭᠠᠳᠠᠨ ᠨᠡᠷ ᠤᠨ ᠡᠢ᠌ᠮᠦᠷᠭᠦ ᠰᠠᠳᠠᠪ ᠶᠢᠡᠷ ᠰᠤᠨᠢᠷᠬᠠᠭᠳᠠᠵᠤ ᠰᠤᠳᠤᠯᠤᠭᠳᠠᠭᠰᠠᠨ ᠥᠭᠦᠯᠡᠯ ᠵᠤᠬᠢᠶᠠᠯ ᠪᠠᠰᠠ ᠴᠤ ᠪᠠᠢ᠌ᠩᠭ᠋ᠤ ᠬᠠᠷᠠᠭᠳᠠᠵᠤ ᠪᠠᠢ᠌ᠭ᠎ᠠ᠃ ᠭᠡᠳᠡᠯ᠎ᠡ ᠮᠠᠠᠵᠤ ᠴᠢᠩ ᠤᠨ ᠵᠠᠰᠠᠭ ᠡᠴᠡ ᠠᠷᠠᠪᠵᠤᠷ ᠳᠠᠢ᠌ᠵᠢ ᠳᠤ ᠣᠯᠭᠤᠭᠰᠠᠨ ᠴᠤᠬᠤᠮ ᠨᠤᠳᠤᠭ ᠣᠰᠤ᠂ ᠮᠦᠨ ᠳᠤᠬᠠᠢ ᠶᠢᠨ ᠦᠶ᠎ᠡ ᠶᠢᠨ ᠳᠡᠦᠭᠡ ᠶᠢᠨ ᠠᠬᠤᠢ ᠪᠠᠢ᠌ᠳᠠᠯ᠂ ᠠᠷᠠᠪᠵᠤᠷ ᠳᠠᠢ᠌ᠵᠢ ᠶᠢᠨ ᠣᠢ᠌ᠯᠠ ᠠᠵᠢᠯᠠᠯᠭ᠎ᠠ ᠶᠢᠨ ᠳᠤᠬᠠᠢ ᠨᠠᠷᠢᠪᠴᠢᠯᠠᠨ ᠬᠠᠷᠠᠭᠤᠯᠤᠭᠰᠠᠨ ᠵᠤᠬᠢᠶᠠᠯ ᠪᠦᠳᠦᠭᠡᠯ ᠬᠠᠷᠠᠬᠠᠨ ᠬᠤᠮᠰᠠᠳᠠᠭᠤᠨ ᠪᠠᠢ᠌ᠭ᠎ᠠ ᠨᠢ ᠬᠠᠷᠠᠮᠰᠠᠯᠳᠠᠢ᠃ ᠣᠴᠢᠷ ᠡᠢ᠌ᠮᠤ ᠡᠴᠡ ᠮᠢᠨᠤ ᠪᠠᠶ᠎ᠠ ᠴᠢᠳᠠᠯ ᠮᠡᠭᠦᠰ ᠪᠣᠯᠬᠤ ᠶᠢ ᠦᠯᠦ ᠬᠠᠢ᠌ᠬᠤᠷᠠᠨ᠂ ᠡᠨᠡ ᠭᠡᠰᠡᠭ᠌ ᠳᠡᠦᠭᠡ ᠶᠢᠨ ᠬᠤᠭᠤᠰᠤᠨ ᠢ ᠳᠤᠰ ᠥᠭᠦᠯᠡᠯ ᠶᠢᠡᠷ ᠳᠠᠮᠵᠢᠨ ᠳᠤᠳᠤᠷᠭᠤᠨ ᠪᠣᠯᠭᠠᠬᠤ ᠶᠢ ᠭᠢᠴᠢᠶᠡᠵᠤ᠂ ᠴᠢᠷᠮᠠᠢ᠌ᠨ ᠣᠷᠤᠯᠳᠤᠭᠰᠠᠨ ᠨᠢ ᠡᠨᠡ ᠪᠢᠯᠠ᠃ ᠭᠡᠭᠡᠨ ᠶᠢᠡᠷ ᠳᠤᠯᠢᠯᠠᠮᠤ᠃
17 ᠊᠊᠊᠊᠊᠊᠊᠊᠊᠊᠊᠊᠊᠊᠊ ᠳ᠋ᠤᠭᠠᠷ ᠵᠠᠭᠤᠨ ᠤ ᠡᠴᠦᠰ ᠪᠣᠯᠬᠤ ᠰᠢᠷᠤᠢ ᠪᠠᠷᠰ ᠵᠢᠯ (1698)᠂ ᠬᠠᠯᠢᠮᠠᠭ ᠬᠠᠭᠠᠠᠳᠤ ᠣᠯᠤᠰ ᠤᠨ ᠶᠡᠭᠡ ᠴᠤᠬᠤᠷ ① ᠤᠨ ᠨᠠᠵᠠᠷᠮᠠᠮᠤᠳ ᠤᠨ ᠭᠦᠪᠠᠭᠦᠨ ᠠᠷᠠᠪᠵᠤᠷ᠂ ᠠᠪᠠᠭ᠎ᠠ ᠡᠴᠢᠭᠡ ᠠᠶᠤᠭᠢ ᠬᠠᠭᠠᠨ ᠤ ᠳᠠᠭᠠᠭᠠᠯᠭᠠᠪᠣᠷᠢ ᠪᠠᠷ ᠡᠭᠡ ᠶᠠᠭᠤ ᠶᠢᠨ ᠬᠠᠮᠳᠤ ᠪᠣᠶᠠᠨ ᠣᠢ᠌ᠯᠠᠳᠴᠤ᠂ ᠡᠷᠭᠦᠴᠡ ᠪᠠᠷᠢᠬᠤ ᠪᠠᠷ ᠲᠦᠮᠡᠨ ᠭᠠᠵᠠᠷ ᠤᠨ ᠠᠯᠤᠰ ᠳᠠᠭᠢ ᠢᠵᠢᠯ ᠮᠦᠷᠡᠨ ᠤ ᠰᠠᠪ ᠭᠠᠵᠠᠷ ᠡᠴᠡ ᠰᠢᠷ᠎ᠠ ᠶᠢᠨ ᠱᠠᠰᠢᠨ ᠤ ᠭᠤᠯᠤᠮᠳᠠ ᠪᠣᠯᠤᠭᠰᠠᠨ ᠴᠠᠰᠤᠳᠤ ᠶᠢᠨ ᠣᠷᠤᠨ᠂ ᠵᠤᠤ ᠶᠢᠨ ᠭᠠᠵᠠᠷ ᡀᠠᠰᠠ ᠳᠤ ᠭᠦᠷᠴᠡᠢ᠃ ᠳᠠᠳᠠ ᡀᠠᠰᠠ ᠳᠤ ᠪᠦᠭᠦᠯᠢ ᠳᠦᠷᠪᠡᠨ ᠵᠢᠯ ᠰᠠᠭᠤᠬᠤ ᠳᠠᠭᠠᠨ ᠪᠠᠷᠠᠢ᠌ᠪᠣᠩ᠂ ᠰᠸᠷᠠ᠂ ᠭᠠᠯᠳᠠᠨ ᠵᠡᠷᠭᠡ ᠶᠢᠨ ᠳᠤᠮᠤ ᠳᠤᠮᠤ ᠭᠡᠢ᠌ᠤᠨ ᠶᠢᠡᠷ ᠡᠷᠭᠦᠴᠡ ᠪᠠᠷᠢᠴᠠ ᠳᠠᠯᠪᠢᠨ᠂ ᠪᠣᠳᠠᠯᠠᠩ ᠣᠷᠳᠤᠨ ᠳᠤ ᠳᠠᠯᠠᠢ ᠯᠠᠮᠠ ᠳᠤ ᠪᠠᠷᠠᠭᠠᠯᠠᠨ ᠮᠥᠷᠭᠦᠵᠤ᠂ ᠪᠣᠶᠠᠨ ᠭᠡᠰᠢᠭ᠌ ᠳᠡᠯᠭᠡᠷᠡᠭᠦ ᠶᠢ ᠵᠠᠯᠪᠠᠷᠢᠨ ᠳᠠᠭᠠᠳᠭᠠᠭᠠᠳ ᠪᠣᠴᠠᠬᠤ ᠵᠠᠭᠤᠷ᠎ᠠ ᠪᠠᠷᠠᠢ᠌ᠪᠣᠩ ᠭᠡᠢ᠌ᠤᠨ ᠤᠨ ᠭᠦᠮᠦᠡᠭ᠌ ᠳᠠᠴᠠᠩ ᠳᠤ ᠬᠠᠰᠢᠭᠳᠠᠨ ᠬᠤᠷᠢᠭᠳᠠᠵᠤ ᠪᠠᠢ᠌ᠭᠰᠠᠨ ᠬᠠᠯᠢᠮᠠᠭ ᠤᠨ ᠵᠠᠯᠠᠭᠤ ᠪᠠᠭ᠎ᠠ ᠱᠠᠪᠢᠨᠠᠷ ᠢ ᠭᠠᠷᠭᠠᠵᠤ ᠠᠪᠣᠭᠠᠤᠨ ᠣᠰᠤᠨ ᠬᠤᠨᠢᠨ ᠵᠢᠯ (1703) ᠲᠦᠪᠡᠳ ᠣᠷᠤᠨ ᠡᠴᠡ ᠭᠠᠷᠴᠤ ᠬᠦᠬᠡᠨᠠᠭᠤᠷ ᠢ ᠵᠤᠷᠢᠪᠠ᠃ ᠳᠠᠳᠠ ᠬᠦᠬᠡᠨᠠᠭᠤᠷ ᠤᠨ ᠠᠯᠳᠠᠨ ᠭᠡᠢ᠌ᠤᠨ ᠳᠤ ᠭᠦᠷᠦᠭ᠍ᠰᠡᠨ ᠤ ᠳᠠᠷᠠᠭ᠎ᠠ᠂ ᠳᠠᠭᠠᠭᠤᠯᠵᠤ ᠶᠠᠪᠣᠭ᠎ᠠ ᠬᠠᠯᠢᠮᠠᠭ ᠱᠠᠪᠢᠨᠠᠷ ᠢ ᠡᠪ ᠵᠦᠢ᠌ ᠶᠢ ᠨᠢ ᠣᠯᠵᠤ ᠪᠠᠢ᠌ᠭᠠᠤᠨ ᠳᠦᠪᠭᠢᠨᠡᠭᠦᠯᠦᠭ᠍ᠰᠡᠨ ᠤ ᠬᠠᠮᠳᠤ᠂ ᠦᠪᠡᠷ ᠤᠨ ᠳᠠᠭᠠᠭᠤᠯᠵᠤ ᠶᠠᠪᠣᠭ᠎ᠠ ᠴᠣᠢ᠌ᠮᠪᠣᠯ᠂ ᠳᠠᠠᠳᠠᠷᠠ᠂ ᠯᠤᠰᠤᠯ ᠭᠡᠮᠡᠭᠦ ᠭᠤᠷᠪᠠᠨ ᠱᠠᠪᠢ ᠪᠠᠨ ᠮᠦᠨ ᠭᠡᠢ᠌ᠤᠨ ᠤᠨ ᠮᠠᠠᠪᠠ ᠳᠠᠴᠠᠩ ᠳᠤ ᠭᠦᠷᠭᠡᠵᠤ ᠱᠠᠪᠢ ᠪᠣᠯᠭᠠᠨ ᠰᠠᠭᠤᠯᠭᠠᠪᠠ ②᠃ ᠡᠨᠡ ᠣᠴᠢᠷ ᠤᠨ ᠳᠤᠬᠠᠢ ᠳᠠᠢ᠌ᠴᠢᠩ ᠭᠦᠷᠤᠨ ᠤ ᠨᠠᠢ᠌ᠷᠠᠯᠳᠤ ᠲᠦᠪ ᠬᠠᠭᠠᠨ ᠡᠴᠡ ᠳᠠᠷᠠ ᠦᠶ᠎ᠡ ᠳᠤ ᠬᠠᠯᠢᠮᠠᠭ ᠤᠨ ᠬᠠᠭᠠᠨ ᠠᠶᠤᠭᠢ ᠳᠤ ᠢᠯᠡᠭᠡᠭ᠍ᠰᠡᠨ ᠪᠢᠴᠢᠭ᠌ ᠲᠤ ᠳᠤᠳᠤᠷᠬᠠᠢ ᠳᠡᠮᠳᠡᠭᠯᠡᠵᠤ ᠪᠢᠯᠠ᠃ ᠳᠤᠰ ᠪᠢᠴᠢᠭ᠌ ᠲᠤ《ᠳᠠᠨ ᠤ ᠨᠠᠵᠢᠷᠮᠠᠮᠤᠳ ᠤᠨ ᠭᠦᠪᠠᠭᠦᠨ ᠠᠷᠠᠪᠵᠤᠷ ᠦᠪᠡᠷ ᠤᠨ ᠡᠭᠡ ᠯᠦᠭᠡ ᠬᠠᠮᠳᠤ ᠪᠠᠷᠠᠭᠤᠨ ᠲᠦᠪᠡᠳ ᠲᠤᠷ ᠮᠥᠷᠭᠦᠷᠡ ᠢᠷᠠᠵᠤ᠂ ᠬᠠᠷᠢᠵᠤ ᠣᠤᠠᠬᠤᠢ ᠳᠤᠷ ᠴᠠᠸᠠᠩ ᠷᠠᠪᠳᠠᠨ ᠳᠤ ᠪᠣᠭᠤᠭᠳᠠᠵᠤ ᠣᠤᠠᠴᠤ ᠪᠣᠯᠬᠤ ᠦᠭᠡᠶ ᠣᠴᠢᠷ ᠢ ᠨᠢᠭᠦᠯᠡᠰᠤᠨ ᠦᠷᠦᠰᠢᠶᠠᠵᠤ᠂ ᠥᠪᠡᠳᠡᠭ᠍ᠰᠢ ᠨᠢᠭᠤᠷᠳᠠ ᠪᠣᠯᠭᠠᠨ ᠪᠠᠢ᠌ᠰᠠ ᠡᠷᠭᠦᠮᠵᠢᠯᠡᠵᠤ᠂ ᠥᠷᠭᠦᠯᠵᠢ ᠭᠡᠰᠢᠭ᠌ ᠭᠦᠷᠳᠡᠭᠦᠯ ᠤᠨ ᠭᠦᠮᠦᠵᠢᠭᠦᠯᠵᠤ ᠦᠪᠡᠷ᠎ᠠ ᠳᠡᠵᠢᠭᠡᠵᠤ ᠰᠠᠭᠤᠯᠭᠠᠵᠤᠬᠤᠢ᠃ ᠪᠠᠰᠠ ᠺᠦᠮᠠᠩ ᠯᠠᠮᠠ ᠶᠢᠨ ᠱᠠᠪᠢᠨᠠᠷ ᠳᠠᠩᠭ᠋ᠤᠳ ᠲᠤ ᠡᠵᠡᠯᠡᠭ᠍ᠳᠡᠵᠤ ᠬᠣᠢ᠌ᠰᠢ ᠬᠠᠷᠢᠵᠤ ᠪᠣᠯᠬᠤ ᠦᠭᠡᠶ ᠶᠢᠨ ᠳᠤᠯᠠᠳᠠ᠂ ᠴᠦᠮ ᠬᠤᠷᠢᠶᠠᠭᠠᠤᠨ ᠭᠦᠷᠳᠡᠭᠦᠯ ᠤᠨ ᠳᠡᠵᠢᠭᠡᠪᠠᠢ》 ③ ᠭᠡᠵᠡᠢ᠃ ᠠᠷᠠᠪᠵᠤᠷ ᠵᠡᠷᠭᠡ ᠶᠢᠨ ᠭᠦᠮᠦᠰ ᠬᠦᠬᠡᠨᠠᠭᠤᠷ ᠡᠴᠡ ᠭᠠᠷᠴᠤ᠂ ᠭᠠᠠᠰᠤ ᠶᠢᠨ ᠭᠢᠵᠠᠭᠠᠷ ᠲᠤ ᠣᠷᠤᠭᠰᠠᠨ ᠤ ᠳᠠᠷᠠᠭ᠎ᠠ ᠳᠠᠢ᠌ᠴᠢᠩ ᠭᠦᠷᠤᠨ ᠤ ᠵᠠᠰᠠᠭ ᠤᠨ ᠭᠠᠵᠠᠷ ᠲᠤ ᠭᠦᠮᠤᠨ ᠤ ᠪᠠᠷᠢᠴᠠᠭ᠎ᠠ ᠪᠠᠷ ᠬᠠᠰᠢᠭᠳᠠᠵᠤ᠂ ᠢᠵᠢᠯ ᠵᠠᠢ ᠳᠤ ᠪᠠᠨ ᠪᠣᠴᠠᠬᠤ ᠡᠷᠡᠮᠡᠯᠵᠡᠯᠡᠯ ᠨᠢ ᠨᠢᠭᠡᠮᠦᠰᠤᠨ ᠳᠠᠰᠤᠷᠠᠵᠤ ᠪᠢᠯᠠ᠃ ᠭᠢᠳᠠᠤᠨ ᠰᠤᠷᠪᠣᠯᠵᠢ ᠳᠤ ᠡᠭᠦᠨ ᠢ ᠬᠠᠷᠢᠨ ᠠᠷᠠᠪᠵᠤᠷ ᠨᠡᠷ ᠳᠠᠢ᠌ᠴᠢᠩ ᠭᠦᠷᠤᠨ ᠳᠤ ᠳᠤᠷᠠᠳᠠᠢ᠌ᠶ᠎ᠠ ᠳᠠᠭᠠᠬᠤ ᠪᠠᠷ ᠥᠩᠭᠡᠯᠡᠨ ᠪᠢᠴᠢᠭ᠍ᠰᠡᠨ ᠪᠠᠢ᠌ᠳᠠᠭ᠃ ᠭᠡᠳᠦᠢ ᠳᠠᠢ᠌ᠮᠤ ᠪᠣᠯᠳᠠᠭ ᠴᠤ ᠡᠩᠭᠡ ᠠᠮᠤᠭᠤᠯᠠᠩ ᠬᠠᠭᠠᠨ ᠡᠴᠡ 《ᠥᠴᠦᠭᠡᠨ ᠭᠦᠪᠠᠭᠦᠨ ᠠᠷᠠᠪᠵᠤᠷ ᠢ ᠪᠠᠢ᠌ᠰᠠ ᠪᠣᠯᠭᠠᠵᠤ ᠳ᠋ᠠᠩ ᠰᠠᠷᠳᠠᠩ ᠳᠤᠷ ᠰᠠᠭᠤᠯᠭᠠᠵᠤ᠂ ᠵᠢᠯ ᠪᠦᠷᠢ ᠹᠦᠩᠯᠤ ᠮᠥᠩᠭᠦ᠂ ᠳᠤᠷᠭ᠎ᠠ ᠱᠠᠩᠨᠠᠵᠤ ᠠᠬᠤ ᠳᠦᠷᠦᠭᠦᠢ ᠶᠢ ᠣᠯᠬᠠᠭᠤᠯ ᠮᠠᠰᠢ ᠪᠠᠶᠠᠵᠢᠪᠠᠢ᠃》 ④ ᠭᠡᠵᠤ ᠬᠠᠯᠢᠮᠠᠭ ᠤᠨ ᠬᠠᠭᠠᠨ ᠠᠶᠤᠭᠢ ᠳᠤ ᠢᠯᠡᠭᠡᠭ᠍ᠰᠡᠨ ᠪᠢᠴᠢᠭ᠌ ᠡᠴᠡ ᠦᠵᠡᠵᠤ ᠪᠣᠯᠬᠤ ᠰᠠᠨ᠃
ᠠᠷᠠᠪᠵᠤᠷ ᠳᠠᠢ᠌ᠵᠢ ᠭᠠᠠᠰᠤ ᠶᠢᠨ ᠭᠢᠵᠠᠭᠠᠷ ᠲᠤ ᠬᠠᠭᠠᠭᠳᠠᠭᠰᠠᠨ ᠤ ᠳᠠᠷᠠᠭ᠎ᠠ᠂ 1704 ᠣᠨ ᠳᠤ ᠳᠠᠢ᠌ᠴᠢᠩ ᠭᠦᠷᠤᠨ ᠤ ᠵᠠᠰᠠᠭ ᠤᠨ ᠭᠠᠵᠠᠷ ᠰᠠᠶᠢ ᠰᠠᠭᠤᠷᠢᠰᠢᠯ ᠤᠨ ᠨᠤᠳᠤᠭ ᠣᠯᠭᠤᠭᠰᠠᠨ ᠠᠵᠢ᠃ ᠡᠨᠡ ᠳᠤᠬᠠᠢ ᠵᠠᠩ ᠮᠤ ᠶᠢᠨ 《ᠮᠤᠩᠭ᠋ᠤᠯ ᠬᠤᠰᠢᠭᠤ ᠨᠤᠳᠤᠭ ᠤᠨ ᠳᠡᠮᠳᠡᠭᠯᠡᠯ》 ᠳᠤ᠄ 《ᠡᠩᠭᠡ ᠠᠮᠤᠭᠤᠯᠠᠩ ᠤᠨ ᠳᠦᠴᠢᠨ ᠭᠤᠷᠪᠠᠳᠤᠭᠠᠷ ᠣᠨ (1704) ᠳᠤᠷ ᠨᠠᠵᠠᠷ ᠮᠠᠮᠤᠳ ᠤᠨ ᠭᠦᠪᠠᠭᠦᠨ ᠠᠷᠠᠪᠵᠤᠷ ᠢ ᠬᠤᠰᠢᠭᠤᠨ ᠤ ᠪᠠᠢ᠌ᠰᠠ ᠡᠷᠭᠦᠮᠵᠢᠯᠡᠵᠤ᠂ ᠰᠠᠷᠳᠠᠩ ᠢ ᠱᠠᠩᠨᠠᠵᠤ ᠨᠤᠳᠤᠭᠯᠠᠭᠤᠯᠪᠠ》 ᠭᠡᠵᠡᠢ᠃ ᠡᠨᠡ ᠰᠠᠷᠳᠠᠩ ᠭᠡᠮᠡᠭᠦ ᠭᠠᠵᠠᠷ ᠢ ᠵᠠᠩ ᠮᠤ ᠳᠠᠢ᠌ᠯᠪᠣᠷᠢᠯᠠᠬᠤ ᠳᠠᠭᠠᠨ᠄ 《ᠰᠠᠷᠳᠠᠩ ᠢ ᠪᠠᠰᠠ ᠳ᠋ᠠᠩ ᠰᠠᠷᠳᠠᠩ ᠭᠡᠮᠡᠮᠦᠢ᠃ ᠬᠠᠮᠳᠤᠤᠠᠬᠠᠯ ᠳᠡᠮᠳᠡᠭᠯᠡᠭᠦ ᠪᠢᠴᠢᠭ᠌ ᠲᠤᠷ ᠳᠤᠷᠭᠤᠳ ᠣᠯᠤᠰ ᠤᠨ ᠸᠠᠩ ᠠᠶᠤᠭᠢ ᠶᠢᠨ ᠳᠡᠭᠦᠤ (ᠴᠤᠬᠤᠮ ᠳᠠᠭᠠᠨ ᠠᠴᠢ ᠨᠢ ᠶᠤᠮ ᠊᠊᠊᠊᠊᠊᠊᠊᠊᠊᠊᠊᠊᠊᠊ ᠵᠤᠬᠢᠶᠠᠭᠴᠢ ᠡᠴᠡ) ᠠᠷᠠᠪᠵᠤᠷ ᠲᠦᠪᠡᠳ ᠡᠴᠡ ᠪᠣᠴᠠᠵᠤ ᠴᠢᠳᠠᠬᠤ ᠦᠭᠡᠶ ᠪᠣᠯᠤᠭᠰᠠᠨ ᠳᠤᠯᠠ᠂ ᠳᠤᠳᠤᠷ᠎ᠠ ᠭᠠᠵᠠᠷ ᠳᠠᠭᠠᠭᠰᠠᠨ ᠳᠤᠷ ᠪᠠᠢ᠌ᠰᠠ ᠡᠷᠭᠦᠮᠵᠢᠯᠡᠭᠡᠳ ᠰᠠᠢ᠌ᠨ ᠵᠠᠪ ᠪᠣᠭᠤᠮᠳᠠ ᠶᠢᠨ ᠭᠠᠳᠠᠨ᠎ᠠ ᠳ᠋ᠠᠩ ᠰᠠᠷᠳᠠᠩ ᠤᠨ ᠭᠠᠵᠠᠷ ᠲᠤᠷ ᠨᠤᠳᠤᠭᠯᠠᠭᠤᠯᠪᠠᠢ ᠭᠡᠮᠡᠭ᠍ᠰᠡᠨ ᠢᠨᠤ ᠳᠠᠷᠤᠢ ᠡᠨᠡ ᠶᠠᠪᠣᠳᠠᠯ ᠢ ᠭᠡᠯᠡᠪᠠᠢ᠃ ᠡᠨᠡ ᠭᠠᠵᠠᠷ ᠪᠣᠯᠪᠠᠰᠤ ᠳ᠋ᠠᠩ ᠤᠨ ᠭᠤᠤᠯ᠂ ᠰᠠᠷᠳᠠᠩ ᠳᠠᠯᠠᠢ ᠶᠢᠨ ᠬᠤᠭᠤᠷᠤᠠᠳᠤ ᠪᠠᠢ᠌ᠬᠤ ᠳᠤᠯᠠ ᠡᠢ᠌ᠡᠭᠦ ᠨᠡᠷᠡᠢ᠌ᠳᠵᠦᠭᠦᠢ ᠭᠡᠮᠡᠪᠠᠢ》 ⑤ ᠭᠡᠵᠡᠢ᠃ ᠭᠡᠳᠡᠯ᠎ᠡ ᠵᠢᠭᠠᠵᠤ ᠦᠭᠭᠦᠭ᠍ᠰᠡᠨ ᠡᠨᠡ ᠳ᠋ᠠᠩ ᠰᠠᠷᠳᠠᠩ ᠭᠡᠮᠡᠭ᠍ᠴᠢ ᠨᠤᠳᠤᠭ᠂ ᠴᠤᠬᠤᠮ ᠬᠠᠮᠢᠭ᠎ᠠ ᠡᠴᠡ ᠬᠠᠮᠢᠭ᠎ᠠ ᠭᠦᠷᠭᠦ᠂ ᠶᠠᠮᠠᠷ ᠵᠠᠷᠯᠢᠭ ᠤᠨ ᠪᠢᠴᠢᠭ᠌ ᠶᠢᠡᠷ ᠭᠡᠷᠭᠢᠨ ᠵᠢᠷᠤᠭᠯᠠᠵᠤ ᠭᠦᠢᠴᠡᠳᠭᠡᠭ᠍ᠰᠡᠨ ᠳᠤᠬᠠᠢ ᠨᠠᠷᠢᠨ ᠳᠡᠮᠳᠡᠭᠯᠡᠯ ᠪᠠᠢ᠌ᠬᠤ ᠦᠭᠡᠶ᠂ ᠵᠥᠪᠭᠡᠨ ᠪᠦᠳᠦᠭᠦᠪᠴᠢ ᠪᠠᠷ ᠳᠤᠷᠠᠳᠤᠭᠰᠠᠨ ᠨᠢ ᠰᠤᠨᠢᠷᠬᠠᠯᠳᠠᠢ ᠪᠣᠳᠤᠭᠳᠠᠨᠠᠮ᠃
ᠳᠡᠭᠡᠪᠠᠯ ᠳᠠᠢ᠌ᠴᠢᠩ ᠭᠦᠷᠤᠨ ᠤ ᠦᠶ᠎ᠡ ᠶᠢᠨ ᠳᠡᠦᠭᠡ ᠰᠤᠷᠪᠣᠯᠵᠢ ᠨᠤᠭᠤᠳ ᠡᠴᠡ ᠨᠠᠷᠢᠨ ᠠᠩᠬᠠᠷᠤᠪᠠᠯ᠂ ᠠᠷᠠᠪᠵᠤᠷ ᠳᠠᠢ᠌ᠵᠢ ᠳᠤ ᠠᠩᠬ᠎ᠠ ᠵᠢᠭᠠᠭᠰᠠᠨ ᠭᠠᠵᠠᠷ ᠨᠤᠳᠤᠭ 《ᠳ᠋ᠠᠩ ᠰᠡᠷᠳᠡᠩ》 ᠭᠡᠳᠡᠭ᠌ ᠨᠢ ᠣᠳᠤ ᠶᠢᠨ ᠭᠠᠠᠰᠤ ᠮᠤᠵᠢ ᠶᠢᠨ ᠪᠠᠷᠠᠭᠤᠨ ᠥᠡᠴᠦᠭ᠌ ᠲᠤ ᠣᠷᠤᠰᠢᠵᠤ ᠪᠠᠢ᠌ᠭ᠎ᠠ ᠰᠦᠪᠧᠢ ᠮᠤᠩᠭ᠋ᠤᠯ ᠦᠨᠳᠦᠰᠦᠳᠠᠨ ᠤ ᠥᠪᠠᠷᠳᠡᠭᠡᠨ ᠵᠠᠰᠠᠬᠤ ᠰᠢᠶᠠᠨ ᠤ ᠡᠮᠦᠨ᠎ᠡ ᠪᠠᠶ᠎ᠠ ᠶᠢᠨ ᠨᠤᠳᠤᠭ ᠪᠣᠯᠤᠨ ᠠᠺᠠᠰᠠᠢ ᠶᠢᠨ ᠬᠠᠰᠠᠭ ᠦᠨᠳᠦᠰᠦᠳᠠᠨ ᠤ ᠥᠪᠠᠷᠳᠡᠭᠡᠨ ᠵᠠᠰᠠᠬᠤ ᠰᠢᠶᠠᠨ ᠤ ᠪᠦᠭᠦ ᠨᠤᠳᠤᠭ ᠵᠢᠴᠢ ᠬᠦᠬᠡᠨᠠᠭᠤᠷ ᠮᠤᠵᠢ ᠶᠢᠨ ᠪᠠᠷᠠᠭᠤᠨ ᠬᠣᠢ᠌ᠳᠤ ᠭᠡᠰᠡᠭ᠌ ᠤᠨ ᠣᠯᠠᠭᠠᠨ ᠳᠠᠪᠠᠭ᠎ᠠ ᠭᠡᠭᠦ ᠠᠭᠤᠯᠠ ᠶᠢᠨ ᠡᠮᠦᠨᠡᠭᠦᠷ ᠣᠷᠤᠰᠢᠬᠤ ᠰᠠᠷᠳᠠᠩ ᠳᠠᠯᠠᠢ (苏干诺ᠭᠡᠵᠤ ᠳᠡᠮᠳᠡᠭᠯᠡᠵᠤ ᠪᠠᠢ᠌ᠭᠰᠠᠨ ᠶᠢᠡᠨ ᠣᠳᠤ ᠨᠢᠭᠡᠮᠦᠰᠤᠨ 苏干湖 ᠭᠡᠭᠦ ᠪᠣᠯᠵᠠᠢ)᠂ ᠴᠠᠭᠠᠨ ᠴᠢᠯᠠᠭᠤᠳᠤ (ᠣᠳᠤ 牛鼻子梁 ᠭᠡᠵᠤ ᠪᠣᠢ) ᠭᠦᠷᠳᠡᠯ᠎ᠡ ᠪᠠᠷᠤᠭ ᠳᠤᠯᠤᠭᠠᠨ ᠲᠦᠮᠡ ᠭᠠᠷᠤᠢ ᠬᠠᠪᠳᠠᠭᠠᠢ ᠳᠦᠷᠪᠡᠯᠵᠢᠨ ᠺᠢᠯᠤᠮᠸᠲ᠋ᠷ ᠤᠨ ᠨᠤᠳᠤᠭ ᠳᠡᠪᠢᠰᠭᠡᠷ ᠤᠨ ᠭᠠᠵᠠᠷ ᠪᠠᠢ᠌ᠵᠠᠢ᠃ ᠳᠠᠷᠠ ᠦᠶ᠎ᠡ ᠳ᠋ᠠᠩ ᠰᠠᠷᠳᠠᠩ ᠤᠨ ᠭᠠᠵᠠᠷ ᠭᠡᠮᠡᠭ᠍ᠴᠢ ᠵᠡᠭᠦᠡᠭᠠᠷ ᠬᠠᠭᠠᠠᠳᠤ ᠣᠯᠤᠰ ᠤᠨ ᠵᠡᠭᠦᠨ ᠡᠮᠦᠨ᠎ᠡ ᠭᠢᠵᠠᠭᠠᠷ ᠲᠡᠶ ᠵᠠᠯᠭᠠᠯᠳᠤᠵᠤ᠂ ᠭᠦᠷᠯᠦᠭ᠌ ᠬᠤᠱᠤᠳ ᠤᠨ ᠣᠮᠠᠷᠠᠳᠤ ᠭᠢᠵᠠᠭᠠᠷ᠂ ᠪᠣᠭᠤᠮᠳᠠ ᠶᠢᠨ ᠭᠠᠳᠠᠨ᠎ᠠ ᠵᠠᠬ᠎ᠠ ᠳᠤ ᠪᠠᠢ᠌ᠭ᠎ᠠ ᠣᠴᠢᠷ ᠡᠴᠡ ᠳᠠᠢ᠌ᠴᠢᠩ ᠭᠦᠷᠤᠨ ᠤ ᠭᠦᠡᠳᠤ ᠪᠣᠭᠤᠮᠳᠠ ᠪᠣᠯᠬᠤ ᠨᠢ ᠵᠠᠢ᠌ᠯᠠᠰᠢ ᠦᠭᠡᠶ᠃ ᠳᠠᠢ᠌ᠮᠤ ᠡᠴᠡ ᠮᠠᠠᠵᠤ ᠶᠢᠨ ᠡᠷᠭᠡ ᠪᠠᠷᠢᠭᠴᠢᠳ ᠡᠨᠡᠭᠦ ᠭᠠᠵᠠᠷ ᠤᠨ ᠪᠠᠢ᠌ᠴᠠ ᠶᠢ ᠠᠰᠢᠭᠯᠠᠨ ᠵᠡᠭᠦᠡᠭᠠᠷ ᠬᠠᠭᠠᠠᠳᠤ ᠣᠯᠤᠰ ᠣᠷᠤᠭᠤ ᠴᠠᠭ ᠢᠮᠠᠭᠳᠠ ᠥᠩᠭᠡᠯᠵᠡᠵᠤ ᠪᠠᠢ᠌ᠬᠤ ᠨᠢ ᠠᠶᠠᠠᠳᠠᠭᠠᠨ ᠪᠣᠯᠬᠤ ᠭᠡᠷᠡᠭ᠌ ᠪᠢᠯᠠ᠃ ᠠᠷᠠᠪᠵᠤᠷ ᠨᠤᠶᠠᠨ ᠭᠡᠳᠥᠢᠪᠠᠷ ᠡᠨᠡ ᠭᠡᠰᠡᠭ᠌ ᠭᠠᠵᠠᠷ ᠢ ᠡᠵᠡᠯᠡᠨ ᠰᠠᠭᠤᠭᠰᠠᠨ ᠪᠣᠯᠪᠠᠴᠤ ᠭᠡᠵᠢᠶ᠎ᠡ ᠨᠢᠭᠡᠨ ᠡᠳᠦᠷ ᠳᠠᠢ᠌ᠨ ᠤ ᠭᠦᠯ ᠳᠤ ᠬᠠᠰᠢᠭᠳᠠᠵᠤ ᠬᠤᠤᠷ ᠪᠣᠯᠬᠤ ᠶᠢ ᠭᠡᠳᠦᠢ᠌ᠨ ᠮᠠᠳᠠᠵᠤ ᠪᠠᠢ᠌ᠭ᠎ᠠ ᠳᠤᠯᠠ᠂ ᠳᠡᠭᠦᠨ ᠤ ᠠᠮᠢᠳᠤ ᠰᠡᠷᠡᠭᠦᠨ ᠪᠠᠢ᠌ᠭ᠎ᠠ ᠴᠠᠭ ᠡᠴᠡ ᠦᠪᠡᠷ ᠤᠨ ᠭᠡᠰᠡᠨ ᠰᠢᠨ᠎ᠠ ᠨᠤᠳᠤᠭ ᠡᠷᠢᠯᠭᠢᠯᠡᠭᠦ ᠠᠵᠢᠯᠯᠠᠭ᠎ᠠ ᠪᠠᠨ ᠶᠠᠷᠤᠨᠢ ᠵᠤᠭᠰᠤᠭᠠᠭᠰᠠᠨ ᠦᠭᠡᠶ ᠪᠠᠢ᠌ᠯ᠎ᠠ᠃ ᠳᠠᠷᠠ ᠪᠠᠷ ᠳ᠋ᠠᠩ ᠰᠠᠷᠳᠠᠩ ᠳᠤ ᠨᠤᠳᠤᠭᠯᠠᠵᠤ ᠪᠠᠢ᠌ᠭ᠎ᠠ ᠬᠤᠭᠤᠴᠠᠭᠠᠨ ᠳᠤ ᠭᠦᠪᠠᠭᠦᠨ ᠳᠡᠡᠵᠦᠡᠭ᠌ ᠤᠨ ᠬᠠᠮᠳᠤ ᠵᠢᠷᠤᠬᠠᠢ᠌ᠴᠢ ᠯᠠᠮᠠ᠂ ᠰᠢᠳᠠᠷ ᠲᠦᠰᠢᠮᠠᠯ ᠶᠢᠡᠨ ᠠᠪᠴᠤ᠂ ᠠᠩᠴᠢᠳ ᠶᠢᠡᠨ ᠳᠠᠭᠠᠭᠤᠯᠤᠨ ᠳ᠋ᠠᠩ ᠤᠨ ᠭᠤᠤᠯ᠂ ᠰᠦᠷ ᠤᠨ ᠭᠤᠤᠯ ᠪᠣᠯᠤᠨ ᠳᠠᠤᠯᠠᠢ ᠭᠤᠤᠯ ⑥ ᠵᠡᠷᠭᠡ ᠶᠡᠭᠡ ᠪᠠᠭ᠎ᠠ ᠭᠤᠤᠯ ᠤᠨ ᠰᠠᠪᠠ ᠭᠠᠵᠠᠷ ᠵᠢᠴᠢ ᠡᠳᠡᠭᠡᠷ ᠭᠤᠤᠯ ᠤᠨ ᠣᠷᠤᠰᠬᠠᠯ ᠳᠤ ᠳᠤᠭᠳᠠᠭᠰᠠᠨ ᠶᠡᠭᠡ ᠪᠠᠭ᠎ᠠ ᠨᠠᠭᠤᠷ ᠤᠨ ᠡᠷᠭᠢ ᠳᠠᠭᠠᠤ ᠭᠠᠵᠠᠷ ᠶᠢᠡᠷ ᠶᠠᠪᠣᠵᠤ ᠠᠪᠠ ᠰᠢᠪᠠᠭᠤ ᠳᠠᠯᠪᠢᠨ᠂ ᠨᠤᠳᠤᠭ ᠡᠷᠢᠨ ᠭᠠᠵᠠᠷ ᠰᠢᠠᠵᠢᠵᠤ ᠶᠠᠪᠣᠬᠤ ᠵᠠᠭᠤᠷ᠎ᠠ᠂ ᠡᠵᠡᠨ᠎ᠡ ᠭᠤᠤᠯ ᠤᠨ ᠨᠤᠳᠤᠭ ᠣᠰᠤ ᠨᠢ ᠡᠨᠡᠭᠦ ᠰᠢᠨ᠎ᠠ ᠨᠤᠶᠠᠷᠬᠠᠭᠴᠢ ᠳᠤ ᠮᠠᠰᠢ ᠶᠡᠭᠡ ᠳᠠᠭᠠᠰᠢᠶᠠᠭᠳᠠᠭᠰᠠᠨ ᠪᠠᠢ᠌ᠨ᠎ᠠ᠃ ᠡᠨᠡ ᠪᠦᠭᠦᠨ ᠨᠢ ᠠᠷᠠᠪᠵᠤᠷ᠂ ᠦᠪᠡᠷ ᠤᠨ ᠦᠷ᠎ᠡ ᠠᠴᠢ ᠨᠡᠷ ᠲᠠᠭᠠᠨ ᠬᠤᠵᠢᠮ ᠤᠨ ᠡᠳᠦᠷ ᠡᠵᠡᠨ᠎ᠡ ᠭᠤᠤᠯ ᠤᠨ ᠰᠠᠪᠠ ᠳᠤ ᠨᠡᠭᠦᠨ ᠨᠤᠳᠤᠭᠰᠢᠬᠤ ᠵᠠᠮ ᠮᠦᠷ ᠢ ᠵᠢᠭᠠᠨ ᠦᠭᠭᠦᠭᠰᠡᠨ ᠨᠢ ᠢᠯᠡᠭᠡᠨ ᠪᠣᠶᠤ᠃
ᠠᠷᠠᠪᠵᠤᠷ ᠳᠠᠢ᠌ᠵᠢ ᠶᠢᠨ ᠳ᠋ᠠᠩ ᠰᠠᠷᠳᠠᠩ ᠳᠤ ᠨᠤᠳᠤᠭᠰᠢᠭᠰᠠᠨ ᠤ ᠳᠠᠷᠠᠭᠠᠭᠢ ᠭᠤᠤᠯ ᠣᠢ᠌ᠯᠠ ᠠᠵᠢᠯᠠᠯᠭ᠎ᠠ ᠨᠢ ᠳᠠᠷᠤᠢ ᠵᠠᠷᠯᠢᠭ ᠶᠢᠡᠷ ᠭᠠᠰ ᠤᠨ ᠠᠮᠠ ᠶᠢ ᠰᠠᠭᠢᠵᠤ᠂ ᠵᠡᠭᠦᠡᠭᠠᠷ ᠤᠨ ᠳᠤᠪᠳᠤᠯᠤᠯᠳᠠ ᠡᠴᠡ ᠰᠡᠷᠭᠡᠢ᠌ᠯᠡᠭᠦᠯᠭᠦ ᠭᠡᠵᠡᠢ᠃ ᠳᠠᠢ᠌ᠴᠢᠩ ᠭᠦᠷᠤᠨ ᠤ ᠦᠶ᠎ᠡ ᠶᠢᠨ ᠰᠤᠷᠪᠣᠯᠵᠢ ᠪᠢᠴᠢᠭ᠌ ᠪᠣᠯᠬᠤ 《ᠵᠠᠷᠯᠢᠭ ᠶᠢᠡᠷ ᠳᠤᠭᠳᠠᠭᠠᠭᠰᠠᠨ ᠭᠠᠳᠠᠭᠠᠳᠤ ᠮᠤᠩᠭ᠋ᠤᠯ ᠬᠤᠲᠤᠩ ᠠᠢ᠌ᠮᠠᠭ ᠤᠨ ᠸᠠᠩ ᠭᠦᠩ ᠤᠳ ᠤᠨ ᠢᠯᠡᠳᠭᠡᠯ ᠱᠠᠰᠳᠢᠷ》 ᠲᠤ ᠡᠨᠡ ᠳᠤᠬᠠᠢ ᠳᠡᠮᠳᠡᠭᠯᠡᠭᠦ ᠳᠡᠭᠡᠨ᠄ 《ᠳᠠᠪᠢᠨ ᠳᠦᠷᠪᠠᠳᠦᠭᠡᠷ ᠣᠨ (ᠡᠩᠭᠡ ᠠᠮᠤᠭᠤᠯᠠᠩ ᠤᠨ᠂ 1715) ᠵᠡᠭᠦᠨ ᠬᠠᠷ ᠬᠠᠮᠢ ᠶᠢᠨ ᠬᠠᠵᠠᠷ ᠣᠤᠯᠬᠠᠯᠠᠭᠰᠠᠨ ᠤ ᠳᠤᠯᠠᠳᠠ ᠵᠠᠷᠯᠢᠭ ᠶᠢᠡᠷ ᠠᠷᠠᠪᠵᠤᠷ ᠢ ᠴᠡᠷᠢᠭ᠌ ᠪᠠᠯᠡᠳᠵᠤ ᠳᠠᠢ᠌ᠴᠢᠯᠠᠨ ᠠᠪᠴᠢᠬᠤᠢ ᠶᠢ ᠭᠦᠯᠢᠶᠡᠳᠦᠭᠡᠢ ᠭᠡᠮᠡᠨ ᠳᠤᠰᠢᠶᠠᠪᠠᠢ᠂ ᠳᠠᠷᠠ ᠭᠢᠷᠢ ᠳᠤᠷ ᠵᠡᠭᠦᠨ ᠬᠠᠷ ᠬᠠᠮᠢ ᠳᠤᠷ ᠳᠠᠷᠤᠭᠳᠠᠵᠤ ᠣᠷᠬᠤᠭᠰᠠᠨ ᠤ ᠣᠴᠢᠷ ᠲᠤᠷ ᠬᠠᠰ (ᠭᠠᠰ) ⑦ ᠤᠨ ᠰᠡᠷᠭᠡᠢ᠌ᠯᠡᠭᠦ ᠴᠡᠷᠢᠭ᠌ ᠢ ᠳᠠᠳᠠᠰᠤᠬᠠᠢ ᠭᠡᠮᠡᠨ ᠭᠡᠯᠡᠯᠴᠡᠵᠤ ᠰᠠᠷᠳᠠᠩ ᠤᠨ ᠨᠤᠳᠤᠭᠯᠠᠬᠤ ᠬᠠᠵᠠᠷ ᠢ ᠬᠠᠰ ᠤᠨ ᠴᠠᠬᠠᠨ ᠴᠢᠯᠠᠬᠤᠳᠤ ᠳᠤᠷ ᠠᠪᠳᠠᠷᠠᠷᠠ ᠣᠳᠤᠮᠤᠢ ᠭᠡᠮᠡᠨ ᠭᠢᠶ᠎ᠠ ᠨᠡᠷ ᠢ ᠵᠠᠷᠤᠵᠤ ᠵᠡᠭᠦᠨ ᠬᠠᠷ ᠤᠨ ᠮᠦᠷ ᠢ ᠥᠵᠡᠭᠦᠯᠦᠷᠡ ᠢᠯᠡᠭᠡᠪᠠᠢ᠂ ᠳᠠᠪᠢᠨ ᠳᠠᠪᠣᠳᠤᠬᠠᠷ ᠣᠨ (1716) ᠠᠷᠠᠪᠵᠤᠷ ᠶᠡᠭᠡ ᠴᠡᠷᠢᠭ᠌ ᠢ ᠳᠠᠬᠠᠯᠳᠠᠵᠤ ᠭᠦᠴᠤᠨ ᠪᠠᠷᠢᠵᠤ ᠵᠢᠦᠡᠭᠦᠰᠦᠭᠡᠢ ᠭᠡᠮᠡᠨ ᠬᠤᠶᠤᠭᠰᠠᠨ ᠳᠤᠷ ᠵᠠᠷᠯᠢᠭ ᠶᠢᠡᠷ ᠳᠠᠪᠤᠨ ᠵᠠᠬᠤᠨ ᠴᠡᠷᠢᠭ᠌ ᠠᠪᠴᠤ ᠬᠠᠰ ᠤᠨ ᠬᠠᠵᠠᠷ ᠲᠤᠷ ᠰᠠᠬᠤᠯᠬᠠᠷᠠ ᠢᠯᠭᠡᠭᠡᠳ ᠵᠡᠭᠦᠨ ᠬᠠᠷ ᠤᠨ ᠳᠠᠩᠨᠠᠬᠤᠯᠴᠢ ᠶᠢ ᠰᠡᠷᠭᠡᠢ᠌ᠯᠡᠭᠦᠯᠪᠠᠢ》 ᠭᠡᠵᠡᠢ᠃ ᠳᠠᠢ᠌ᠴᠢᠩ ᠭᠦᠷᠤᠨ ᠤ ᠪᠢᠴᠢᠭ᠌ ᠤᠨ ᠮᠡᠷᠭᠡᠳ ᠨᠢ ᠶᠠᠷᠤ ᠡᠴᠡ ᠮᠤᠩᠭ᠋ᠤᠯ ᠳᠤ ᠴᠢᠭᠯᠡᠭᠦᠯᠦᠭ᠍ᠰᠡᠨ ᠳᠠᠢ᠌ᠨ ᠤ ᠢᠯᠠᠭᠳᠠᠯ ᠢ ᠢᠯᠠᠯᠳᠠ ᠪᠠᠷ ᠪᠢᠴᠢᠳᠡᠭ᠌ ᠵᠤᠷᠰᠢᠯ ᠲᠡᠶ ᠪᠣᠯᠬᠤᠷ 18 ᠳ᠋ᠤᠭᠠᠷ ᠵᠠᠭᠤᠨ ᠤ ᠡᠭᠢᠨ ᠤ ᠦᠶ᠎ᠡ ᠶᠢᠨ ᠡᠩᠭᠡ ᠠᠮᠤᠭᠤᠯᠠᠩ ᠬᠠᠭᠠᠨ ᠡᠴᠡ ᠵᠡᠭᠦᠡᠭᠠᠷ ᠬᠠᠭᠠᠠᠳᠤ ᠣᠯᠤᠰ ᠲᠤ ᠶᠠᠪᠣᠭᠤᠯᠤᠭᠰᠠᠨ ᠳᠠᠢ᠌ᠨ ᠶᠢᠡᠨ ᠪᠠᠰᠠ ᠴᠤ ᠡᠨᠡ ᠮᠠᠳᠤ ᠪᠠᠷ ᠪᠢᠴᠢᠭ᠍ᠰᠡᠨ ᠨᠢ ᠰᠤᠨᠢᠨ ᠣᠴᠢᠷ ᠪᠢᠰᠢ᠃ ᠳᠠᠢ᠌ᠮᠤ ᠡᠴᠡ ᠳᠡᠭᠡᠷ᠎ᠡ ᠳᠤᠷᠠᠳᠤᠭᠰᠠᠨ 《ᠵᠡᠭᠦᠡᠭᠠᠷ ᠤᠨ ᠴᠡᠷᠢᠭ᠌ ᠳᠠᠷᠤᠭᠳᠠᠵᠤ᠂ ᠠᠷᠠᠪᠵᠤᠷ ᠢ ᠭᠠᠰ ᠤᠨ ᠠᠮᠠᠨ ᠳᠤ ᠰᠡᠷᠭᠡᠢ᠌ᠯᠡᠭᠦᠯᠤᠨ ᠰᠠᠭᠤᠯᠭᠠᠪᠠ》 ᠭᠡᠭᠦ ᠶᠢᠨ ᠴᠤᠬᠤᠮ ᠣᠴᠢᠷ ᠶᠠᠮᠠᠷ ᠪᠣᠯᠤᠭᠰᠠᠨ ᠢ ᠳᠤᠤᠷᠠᠭᠢ ᠳᠡᠦᠭᠡ ᠳᠡᠮᠳᠡᠭᠯᠡᠯ ᠡᠴᠡ ᠦᠵᠡᠵᠤ ᠪᠣᠯᠬᠤ ᠶᠤᠮ ᠪᠠᠢ᠌ᠭ᠎ᠠ᠃
17 ᠳ᠋ᠤᠭᠠᠷ ᠵᠠᠭᠤᠨ ᠤ ᠡᠴᠦᠰ ᠶᠢᠡᠷ ᠡᠩᠭᠡ ᠠᠮᠤᠭᠤᠯᠠᠩ ᠬᠠᠭᠠᠨ ᠤ ᠪᠠᠶ᠎ᠠ ᠪᠠᠷ ᠶᠢᠡᠨ ᠳᠠᠢ᠌ᠴᠢᠯᠠᠭᠰᠠᠨ ᠳᠠᠢ᠌ᠴᠢᠩ ᠭᠦᠷᠤᠨ ᠤ ᠶᠡᠭᠡ ᠴᠡᠷᠢᠭ᠌ ᠬᠠᠯᠬ᠎ᠠ ᠶᠢᠨ ᠨᠤᠳᠤᠭ ᠲᠤ᠂ ᠵᠡᠭᠦᠡᠭᠠᠷ ᠤᠨ ᠭᠠᠯᠳᠠᠨ ᠪᠣᠱᠤᠭᠳᠤ ᠬᠠᠭᠠᠨ ᠲᠡᠶ ᠦᠵᠡᠯᠴᠡᠵᠤ ᠪᠠᠢ᠌ᠬᠤ ᠳᠠᠯᠢᠮ ᠶᠢᠡᠷ ᠭᠠᠯᠳᠠᠨ ᠪᠣᠱᠤᠭᠳᠤ ᠬᠠᠭᠠᠨ ᠤ ᠠᠴᠢ ᠰᠡᠩᠭᠡ ᠶᠢᠨ ᠠᠬᠠᠮᠠᠤᠨ ᠭᠦᠪᠠᠭᠦᠨ ᠴᠠᠸᠠᠩᠷᠠᠪᠳᠠᠨ ᠵᠡᠭᠦᠡᠭᠠᠷ ᠬᠠᠭᠠᠠᠳᠤ ᠣᠯᠤᠰ ᠤᠨ ᠶᠡᠭᠡᠭᠡᠨ ᠨᠤᠳᠤᠭ ᠢ ᠡᠵᠡᠯᠡᠨ ᠠᠪᠴᠠᠢ᠃ ᠭᠠᠯᠳᠠᠨ ᠪᠣᠱᠤᠭᠳᠤ 1669 ᠣᠨ ᠤ ᠵᠠᠭᠤᠨ ᠮᠤᠳᠤ ᠶᠢᠨ ᠳᠠᠢ᠌ᠯᠠᠯᠳᠤᠭᠠᠨ ᠳᠤ ᠪᠦᠷᠢᠮᠦᠰᠤᠨ ᠢᠯᠠᠭᠳᠠᠵᠤ ᠪᠠᠢ᠌ᠬᠤ ᠦᠶ᠎ᠡ ᠳᠤ ᠴᠠᠸᠠᠩᠷᠠᠪᠳᠠᠨ ᠪᠣᠱᠤᠭᠳᠤ ᠬᠠᠭᠠᠨ ᠤ ᠣᠯᠤᠰ ᠢ ᠬᠤᠷᠢᠶᠠᠨ ᠠᠪᠴᠤ ᠵᠡᠭᠦᠡᠭᠠᠷ ᠬᠠᠭᠠᠠᠳᠤ ᠣᠯᠤᠰ ᠤᠨ ᠵᠢᠩᠭᠢᠨᠢ ᠡᠵᠡᠨ ᠪᠣᠯᠪᠠ᠃ ᠡᠨᠡ ᠦᠶ᠎ᠡ ᠶᠢᠨ ᠴᠠᠸᠠᠩᠷᠠᠪᠳᠠᠨ ᠤ ᠭᠦᠴᠤᠨ ᠡᠳᠦᠷ ᠢᠷᠡᠭᠦᠶ᠎ᠡ ᠪᠣᠵᠠᠭᠠᠢ᠌ᠷᠠᠨ ᠳᠡᠭ᠍ᠷᠢ ᠠᠭᠤᠯᠠ ᠶᠢᠨ ᠡᠮᠦᠨ᠎ᠡ ᠪᠠᠢ᠌ᠭ᠎ᠠ ᠶᠧᠭᠢᠶᠠᠩ᠂ ᠺᠠᠱᠠᠭᠠᠷ ᠤᠨ ᠣᠢ᠌ᠭᠤᠷᠴᠤᠳ ᠢ ᠴᠤ ᠦᠪᠡᠷ ᠤᠨ ᠮᠠᠳᠠᠯ ᠳᠡᠭᠡᠨ ᠣᠷᠤᠭᠤᠯᠤᠨ ᠠᠪᠣᠭᠰᠠᠨ ᠪᠠᠢ᠌ᠨ᠎ᠠ᠃
ᠵᠠᠭᠤᠨ ᠮᠤᠳᠤ ᠶᠢᠨ ᠳᠠᠢ᠌ᠨ ᠤ ᠢᠯᠠᠭᠳᠠᠯ ᠳᠤ ᠪᠣᠳᠠᠷᠠᠵᠤ ᠰᠠᠷᠨᠢᠭᠰᠠᠨ ᠣᠭ ᠤᠨ ᠪᠣᠱᠤᠭᠳᠤ ᠬᠠᠭᠠᠨ ᠳᠤ ᠰᠢᠳᠤᠷᠭᠤ ᠪᠠᠷ ᠵᠢᠦᠡᠭᠦᠵᠤ ᠪᠠᠢ᠌ᠭᠰᠠᠨ ᠳᠠᠠᠵᠢᠨ ᠣᠮᠪᠣ᠂ ᠠᠪᠠ᠂ ᠰᠠᠷᠠᠩ᠂ ᠣᠷᠵᠠᠢ᠌ᠵᠠᠪ᠂ ᠠᠷᠢᠯᠪᠢ᠂ ᠢᠯᠠᠭᠤᠭᠰᠠᠨ ᠬᠤᠳᠤᠭᠳᠤ᠂ ᠨᠤᠶᠠᠨ ᠭᠡᠯᠦᠡᠭ᠌᠂ ᠦᠰᠳᠠ᠂ ᠴᠠᠷᠠᠩᠪᠣᠮ ᠵᠠᠢ᠌ᠰᠠᠩ᠂ ᠡᠷᠳᠡᠨᠢ ᠵᠠᠢ᠌ᠰᠠᠩ ᠨᠡᠷ ᠵᠢᠴᠢ ᠳᠠᠳᠠᠨᠠᠷ ᠤᠨ ᠳᠠᠭᠠᠭᠤᠯᠵᠤ ᠶᠠᠪᠣᠭ᠎ᠠ ᠭᠡᠳᠤᠨ ᠮᠢᠩᠭ᠋ᠠᠨ ᠴᠡᠷᠢᠭ᠌ ᠤᠨ ᠬᠠᠮᠳᠤ ᠭᠠᠯ ᠥᠭᠡᠷ ᠵᠢᠯ (1697) ᠤᠨ ᠬᠠᠪᠣᠷ ᠴᠠᠸᠠᠩᠷᠠᠪᠳᠠᠨ ᠢ ᠲᠦᠰᠢᠷᠠ ᠢᠷᠡᠭ᠍ᠰᠡᠨ ᠪᠠᠢ᠌ᠨ᠎ᠠ᠃ ᠡᠭᠦᠨ ᠳᠤ ᠭᠠᠯᠳᠠᠨ ᠪᠣᠱᠤᠭᠳᠤ ᠬᠠᠭᠠᠨ ᠤ ᠴᠢᠠᠳᠠᠷ ᠪᠣᠯᠤᠨ ᠳᠡᠭᠦᠨ ᠤ ᠦᠬᠢᠨ ᠵᠦᠴᠢᠬᠠᠢ ᠶᠢᠨ ᠵᠡᠭᠦᠡᠭᠠᠷ ᠬᠠᠭᠠᠠᠳᠤ ᠣᠯᠤᠰ ᠲᠤ ᠭᠦᠷᠭᠡᠭ᠍ᠳᠡᠭ᠍ᠰᠡᠨ ᠢ ᠡᠩᠭᠡ ᠠᠮᠤᠭᠤᠯᠠᠩ ᠬᠠᠭᠠᠨ ᠣᠯᠵᠤ ᠮᠡᠳᠡᠭᠡᠳ ᠳᠤᠰ ᠵᠢᠯ ᠤᠨ ᠵᠤᠨ᠂ ᠦᠢᠯᠡᠳᠬᠦ ᠶᠠᠪᠣᠳᠠᠯ ᠤᠨ ᠶᠠᠮᠤᠨ ᠤ ᠳᠠᠳ᠋ ᠲᠦᠰᠢᠮᠠᠯ ᠴᠠᠩ ᠱᠸᠤ ᠭᠡᠭ᠍ᠴᠢ ᠶᠢ ᠪᠣᠷᠤᠳᠠᠯ᠎ᠠ ᠳᠤ ᠳᠤᠮᠢᠯᠠᠨ ᠴᠠᠸᠠᠩᠷᠠᠪᠳᠠᠨ ᠳᠤ ᠳᠠᠷᠤᠯᠳᠠ ᠥᠭ᠍ᠴᠤ᠂ ᠪᠣᠱᠤᠭᠳᠤ ᠬᠠᠭᠠᠨ ᠤ ᠴᠢᠠᠳᠠᠷ ᠪᠣᠯᠤᠨ ᠦᠬᠢᠨ ᠵᠦᠴᠢᠬᠠᠢ ᠵᠢᠴᠢ ᠴᠠᠸᠠᠩᠷᠠᠪᠳᠠᠨ ᠢ ᠳᠠᠭᠠᠭᠰᠠᠨ ᠳᠠᠠᠵᠢᠨ ᠣᠮᠪᠣ ᠵᠡᠷᠭᠡ ᠶᠢᠨ ᠭᠦᠮᠦᠰ ᠢ ᠳᠤᠰᠢᠶᠠᠵᠤ ᠥᠭ᠌ ᠭᠡᠵᠤ ᠰᠢᠬᠠᠮᠳᠠᠭᠤᠯᠵᠠᠢ᠃ ᠳᠡᠭᠡᠭᠦ ᠳᠤ ᠴᠠᠸᠠᠩᠷᠠᠪᠳᠠᠨ᠄ 《ᠮᠠᠨ ᠤ ᠣᠢ᠌ᠷᠠᠤᠨ ᠤᠨ ᠳᠠᠳᠬᠠᠯ ᠳᠤ ᠨᠠᠰᠤ ᠪᠠᠷᠠᠭᠰᠠᠨ ᠭᠦᠮᠤᠨ᠂ ᠦᠬᠢᠨ ᠭᠦᠮᠤᠨ ᠲᠡᠶ ᠥᠰᠢᠶᠡᠯᠳᠡᠭᠦ ᠶᠤᠰᠤ ᠦᠭᠡᠶ᠃ ᠨᠠᠮᠢ᠋ᠢ ᠳᠠᠭᠠᠬᠤ ᠪᠠᠷ ᠢᠷᠡᠭ᠍ᠰᠡᠨ ᠣᠷᠵᠠᠵᠠᠪ ᠳᠡᠷᠢᠭᠦᠳᠡᠢ ᠭᠦᠮᠤᠨ ᠪᠣᠯ ᠮᠢᠨᠤ ᠡᠴᠢᠭᠡ ᠶᠢᠨ ᠬᠠᠭᠤᠴᠢᠨ ᠬᠠᠷᠢᠶᠠᠳᠤ ᠳᠤᠯᠠ᠂ ᠳᠤᠰᠢᠶᠠᠵᠤ ᠥᠭ᠍ᠪᠠᠰᠤ ᠶᠤᠰᠤᠯᠠᠯ ᠵᠢᠷᠤᠮ ᠳᠤᠷ ᠦᠯᠦ ᠵᠤᠭᠢᠯᠳᠤᠬᠤ》 ⑧ ᠭᠡᠳ ᠳᠠᠳᠠᠭᠠᠯᠵᠠᠵᠠᠢ᠃ ᠴᠠᠩ ᠱᠸᠤ ᠠᠷᠭ᠎ᠠ ᠪᠣᠰᠤ ᠴᠠᠸᠠᠩᠷᠠᠪᠳᠠᠨ ᠳᠤ ᠴᠠᠭ ᠤᠨ ᠥᠩᠭᠡ ᠶᠢ ᠳᠠᠨᠢᠵᠤ ᠪᠣᠭᠳᠠᠨ ᠡᠵᠡᠨ ᠢ ᠲᠦᠰᠢᠪᠠᠰᠤ ᠪᠠᠶᠠᠨ ᠭᠡᠷᠭᠡᠮ ᠵᠡᠷᠭᠡ ᠡᠴᠡ ᠭᠡᠳᠦᠷᠭᠡᠢ ᠪᠣᠯᠤᠮᠤᠢ ᠭᠡᠵᠤ ᠪᠣᠷᠤᠳᠠᠯ᠎ᠠ ᠳᠤ ᠢᠷᠡᠭ᠍ᠰᠡᠨ ᠮᠦᠨ ᠰᠠᠨᠠᠭ᠎ᠠ ᠪᠠᠨ ᠮᠡᠳᠡᠭ᠍ᠳᠡᠪᠡ᠃ ᠭᠡᠳᠡᠯ᠎ᠡ ᠴᠠᠸᠠᠩᠷᠠᠪᠳᠠᠨ ᠡᠭᠦᠨ ᠢ ᠦᠯᠦ ᠣᠢᠰᠢᠶᠠᠪᠠ᠃ ᠳᠠᠳ᠋ ᠲᠦᠰᠢᠮᠠᠯ ᠴᠠᠩ ᠱᠸᠤ ᠶᠢᠨ ᠢᠤᠠᠬᠠᠯ ᠶᠠᠮᠠᠷᠴᠤ ᠦᠷ᠎ᠡ ᠳ᠋ᠦ᠋ᠩ ᠪᠣᠯᠤᠭᠰᠠᠨ ᠦᠭᠡᠶ ᠪᠣᠯᠬᠤᠷ ᠭᠡᠳᠡᠷᠭᠦ ᠪᠣᠴᠠᠬᠤ ᠯᠠ ᠭᠡᠷᠡᠭ᠍ᠳᠡᠢ ᠪᠣᠯᠵᠠᠢ᠃ ᠡᠩᠭᠡ ᠠᠮᠤᠭᠤᠯᠠᠩ ᠬᠠᠭᠠᠨ ᠰᠡᠳᠭᠢᠯ ᠦᠯᠦ ᠮᠤᠬᠤᠨ᠂ ᠮᠦᠨ ᠵᠢᠯ ᠤᠨ ᠡᠴᠦᠰ ᠶᠢᠡᠷ ᠳᠡᠮᠳᠡᠭᠯᠡᠭ᠍ᠴᠢ ᠲᠦᠰᠢᠮᠠᠯ ᠷᠠᠰᠢ ᠭᠡᠭ᠍ᠴᠢ ᠶᠢ ᠪᠠᠰᠠ ᠪᠣᠷᠤᠳᠠᠯ᠎ᠠ ᠳᠤ ᠡᠯᠴᠢ ᠪᠠᠷ ᠢᠯᠡᠭᠡᠨ ᠴᠠᠸᠠᠩᠷᠠᠪᠳᠠᠨ ᠳᠤ ᠳᠠᠷᠤᠯᠳᠠ ᠥᠵᠡᠭᠦᠯᠦᠭ᠍ᠰᠡᠨ ᠪᠣᠯᠪᠠᠴᠤ ᠪᠠᠰᠠ ᠴᠤ ᠴᠠᠩ ᠱᠸᠤ ᠶᠢᠨ ᠠᠳᠠᠯᠢ ᠶᠠᠮᠠᠷ ᠴᠤ ᠣᠯᠤᠯᠳᠠ ᠦᠭᠡᠶ ᠪᠠᠷ ᠪᠣᠴᠠᠵᠠᠢ᠃ ᠡᠩᠭᠡ ᠠᠮᠤᠭᠤᠯᠠᠩ ᠬᠠᠭᠠᠨ᠂ ᠵᠡᠭᠦᠡᠭᠠᠷ ᠬᠠᠭᠠᠠᠳᠤ ᠣᠯᠤᠰ ᠢ ᠳᠠᠭᠠᠭᠤᠯᠤᠨ ᠠᠪᠬᠤ ᠨᠢ ᠳᠠᠢ᠌ᠮᠤ ᠭᠢᠯᠪᠠᠷ ᠪᠣᠰᠤ ᠪᠣᠯᠬᠤ ᠶᠢ ᠣᠢ᠌ᠯᠠᠭᠠᠵᠠᠢ᠃ ᠳᠠᠷᠠ ᠵᠡᠭᠦᠡᠭᠠᠷ ᠬᠠᠭᠠᠠᠳᠤ ᠣᠯᠤᠰ ᠢ ᠳᠠᠭᠠᠭᠤᠯᠤᠨ ᠠᠪᠬᠤ ᠶᠢ ᠦᠪᠡᠷ ᠤᠨ ᠲᠦᠷᠦ ᠶᠢᠨ ᠪᠣᠳᠤᠯᠭ᠎ᠠ ᠪᠠᠨ ᠪᠣᠯᠭᠠᠵᠤ ᠴᠠᠭ ᠢᠮᠠᠭᠳᠠ ᠵᠡᠭᠦᠡᠭᠠᠷ ᠬᠠᠭᠠᠠᠳᠤ ᠣᠯᠤᠰ ᠤᠨ ᠣᠷᠴᠢᠨ ᠳᠤᠭᠤᠷᠢᠨ ᠤ ᠬᠤᠪᠢᠷᠠᠯᠳᠠ ᠶᠢ ᠠᠵᠢᠭᠯᠠᠵᠤ ᠪᠠᠢ᠌ᠯ᠎ᠠ᠃
ᠮᠤᠳᠤᠨ ᠬᠤᠨᠢᠨ ᠵᠢᠯ (1715) ᠤᠨ ᠬᠠᠪᠣᠷ ᠲᠦᠪᠡᠳ ᠤᠨ ᠰᠸᠷᠠ᠂ ᠪᠠᠷᠠᠢ᠌ᠪᠣᠩ᠂ ᠭᠠᠯᠳᠠᠨ ᠭᠤᠷᠪᠠᠨ ᠶᠡᠭᠡ ᠭᠡᠢ᠌ᠤᠨ ᠤᠨ ᠬᠤᠳᠤᠭᠳᠤ ᠨᠡᠷ ᠪᠣᠯᠤᠨ ᠬᠦᠬᠡᠨᠠᠭᠤᠷ ᠤᠨ ᠳᠠᠢ᠌ᠵᠢ ᠨᠡᠷ ᠡᠴᠡ ᠵᠡᠭᠦᠡᠭᠠᠷ ᠬᠠᠭᠠᠠᠳᠤ ᠣᠯᠤᠰ ᠲᠤ ᠣᠳᠠᠭ᠎ᠠ ᠳᠠᠷᠠᠭ᠎ᠠ ᠡᠯᠴᠢ ᠢᠯᠡᠭᠡᠨ ᠴᠠᠸᠠᠩᠷᠠᠪᠳᠠᠨ ᠳᠤ ᠰᠢᠷ᠎ᠠ ᠶᠢᠨ ᠱᠠᠰᠢᠨ ᠢ ᠲᠡᠳᠬᠦᠵᠤ ᠵᠢᠩᠭᠢᠨᠢ ᠳᠠᠯᠠᠢ ᠯᠠᠮ ᠶᠢ ᠰᠢᠷᠡᠭᠡᠨ᠎ᠡ ᠵᠠᠯᠠᠬᠤ ᠶᠢ ᠭᠤᠶᠤᠴᠢᠯᠠᠪᠠ ⑨᠃ ᠴᠠᠸᠠᠩᠷᠠᠪᠳᠠᠨ ᠭᠤᠶᠤᠴᠢᠯᠠᠯ ᠢ ᠭᠦᠯᠢᠶᠡᠨ ᠠᠪᠣᠭᠰᠠᠨ ᠪᠣᠯᠪᠠᠴᠤ ᠶᠡᠭᠡ ᠪᠣᠯᠭᠤᠮᠵᠢᠳᠠᠢ ᠣᠪᠣᠷ ᠠᠪᠣᠭᠰᠠᠨ ᠪᠠᠢ᠌ᠯ᠎ᠠ᠃ ᠳᠠᠷᠠ ᠶᠠᠭᠤᠨ ᠳᠡᠷᠢᠭᠦᠨ ᠳᠤ ᠶᠡᠭᠡ ᠴᠠᠷᠠᠩᠳᠤᠠᠳᠤᠪ ᠢ ᠬᠠᠮᠢᠯ ᠳᠤ ᠳᠤᠮᠢᠯᠠᠨ ᠳᠤᠷᠰᠢᠭᠤᠯ ᠤᠨ ᠴᠢᠨᠠᠷᠳᠠᠢ ᠳᠠᠭᠠᠷᠢᠯᠳᠠ ᠶᠠᠪᠣᠭᠤᠯᠵᠠᠢ᠃ ᠬᠠᠮᠢᠯ ᠪᠣᠯᠤᠨ ᠪᠠᠷᠭᠦᠯ ᠤᠨ ᠳᠠᠪᠠᠭ᠎ᠠ ᠪᠣᠯ ᠳᠤᠳᠤᠷ᠎ᠠ ᠭᠠᠵᠠᠷ ᠨᠡᠪᠳᠡᠷᠡᠭᠦ ᠡᠭᠦᠳᠡ ᠬᠠᠭᠠᠯᠭ᠎ᠠ ᠪᠦᠭᠡᠳ ᠮᠦᠨ ᠴᠤ ᠬᠦᠬᠡᠨᠠᠭᠤᠷ ᠲᠦᠪᠡᠳ ᠵᠥᠭ᠌ ᠠᠶᠠᠯᠠᠬᠤ ᠴᠢᠬᠤᠯᠠ ᠵᠠᠮ ᠱᠤᠭᠤᠮ ᠪᠢᠯᠠ᠃ ᠭᠡᠳᠡᠯ᠎ᠡ ᠣᠤᠯ ᠤᠨ ᠬᠠᠮᠢᠯ ᠤᠨ ᠵᠠᠭᠢᠷᠤᠭᠴᠢ ᠡᠪᠠᠢ᠌ᠳᠦᠯᠡ ᠳᠠᠷᠬᠠᠨ ᠪᠠ ᠠᠯᠢ ᠭᠡᠳᠥᠢ᠌ᠨ ᠳᠠᠢ᠌ᠴᠢᠩ ᠭᠦᠷᠤᠨ ᠳᠤ ᠪᠠᠭᠤᠨ ᠥᠭ᠍ᠴᠤ ᠵᠠᠰᠠᠭ ᠪᠠᠢ᠌ᠭᠤᠯᠤᠨ ᠴᠡᠷᠢᠭ᠌ ᠰᠠᠭᠤᠯᠭᠠᠭᠰᠠᠨ ᠪᠣᠯᠬᠤᠷ ᠶᠠᠭᠤᠨ ᠳᠡᠷᠢᠭᠦᠨ ᠳᠤ ᠴᠥᠭᠡᠨ ᠳᠤᠭᠠᠨ ᠤ ᠨᠢᠭᠡ ᠰᠠᠯᠠᠭ᠎ᠠ ᠴᠡᠷᠢᠭ᠌ ᠶᠢᠡᠷ ᠬᠠᠮᠢᠯ᠂ ᠪᠣᠯᠠᠩᠭᠢᠷ᠂ ᠴᠠᠭᠠᠨ ᠣᠰᠤ ᠵᠡᠷᠭᠡ ᠭᠠᠵᠠᠷ ᠤᠨ ᠬᠠᠮᠠᠭᠠᠯᠠᠯᠳᠠ ᠪᠣᠯᠤᠨ ᠴᠡᠷᠢᠭ᠌ ᠤᠨ ᠭᠦᠴᠤᠨ ᠤ ᠪᠠᠢ᠌ᠷᠢᠯᠠᠭᠤᠯᠳᠠ ᠶᠢ ᠣᠢ᠌ᠯᠠᠭᠠᠵᠤ ᠠᠪᠬᠤ ᠴᠢᠬᠤᠯᠠ ᠲᠡᠶ ᠪᠣᠯᠤᠭᠰᠠᠨ ᠪᠠᠢ᠌ᠨ᠎ᠠ᠃ ᠮᠦᠨ ᠵᠢᠯ ᠶᠡᠭᠡ ᠴᠠᠷᠠᠩᠳᠤᠠᠳᠤᠪ ᠵᠠᠷᠯᠢᠭ ᠶᠢᠡᠷ 2000 ᠴᠡᠷᠢᠭ᠌ ᠠᠪᠴᠤ ᠬᠠᠮᠢᠯ ᠤᠨ ᠭᠢᠯᠢ ᠳᠤ ᠴᠦᠮᠦᠷᠠᠨ ᠣᠷᠤᠭᠠᠤᠨ ᠳᠠᠪᠤᠨ ᠪᠠᠯᠭᠠᠰᠤ ᠶᠢ ᠡᠵᠡᠯᠡᠭᠦ ᠶᠢᠨ ᠵᠡᠷᠭᠡᠴᠡᠭᠡ ᠪᠠᠷ ᠬᠠᠮᠢᠯ ᠬᠤᠳᠠ ᠶᠢ ᠪᠦᠰᠡᠯᠡᠨ ᠰᠥᠷᠳᠡᠭᠦᠯᠪᠡ᠃ ᠡᠭᠦᠨ ᠳᠤ ᠰᠦᠵᠸᠤ ᠳᠤ ᠰᠡᠷᠭᠡᠢ᠌ᠯᠡᠨ ᠰᠠᠭᠤᠭ᠎ᠠ ᠮᠠᠠᠵᠤ ᠭᠢᠳᠠᠤᠨ ᠤᠨ ᠨᠤᠭᠤᠭᠠᠨ ᠳᠤᠭ ᠤᠨ ᠴᠡᠷᠢᠭ᠌ 5000 ᠭᠦᠮᠤᠨ ᠳᠤᠰᠠᠯᠠᠬᠤ ᠪᠠᠷ ᠭᠦᠷᠴᠡᠢ᠃ ᠡᠨᠡ ᠭᠢᠷᠢ ᠶᠡᠭᠡ ᠴᠠᠷᠠᠩᠳᠤᠠᠳᠤᠪ ᠳᠤᠷᠰᠢᠭᠤᠯ ᠤᠨ ᠡᠭᠦᠷᠭᠡ ᠪᠠᠨ ᠪᠠᠶᠡᠯᠡᠭᠦᠯᠡᠭᠡᠳ ᠴᠡᠷᠢᠭ᠌ ᠶᠢᠡᠨ ᠳᠠᠳᠠᠵᠤ ᠳᠡᠭ᠍ᠷᠢ ᠠᠭᠤᠯᠠᠨ ᠳᠤ ᠪᠠᠨ ᠪᠣᠴᠠᠭᠰᠠᠨ ᠪᠠᠢ᠌ᠪᠠ᠃ ᠡᠭᠦᠨ ᠢ ᠭᠢᠳᠠᠤᠨ ᠰᠤᠷᠪᠣᠯᠵᠢ ᠳᠤ 《ᠵᠡᠭᠦᠨ ᠭᠠᠷ ᠬᠠᠮᠢ ᠳᠤ ᠳᠠᠷᠤᠭᠳᠠᠵᠤ》 ᠭᠡᠭᠦ ᠪᠠᠷ ᠳᠡᠮᠳᠡᠭᠯᠡᠭ᠍ᠰᠡᠨ ᠪᠠᠢ᠌ᠳᠠᠭ᠃ ᠵᠡᠭᠦᠡᠭᠠᠷ ᠤᠨ ᠴᠡᠷᠢᠭ᠌ ᠬᠠᠮᠢᠯ ᠢ ᠳᠤᠪᠳᠤᠯᠤᠭᠰᠠᠨ ᠨᠢ ᠠᠷᠢᠯᠵᠢᠶᠠᠨ ᠤ ᠵᠠᠮ ᠨᠡᠭᠡᠭᠦ ᠭᠡᠰᠡᠨ ᠰᠠᠨᠠᠭ᠎ᠠ ᠪᠣᠰᠤ ᠶᠢ ᠡᠩᠭᠡ ᠠᠮᠤᠭᠤᠯᠠᠩ ᠬᠠᠭᠠᠨ ᠮᠡᠳᠡᠭᠡᠳ ᠬᠠᠮᠢᠯ᠂ ᠪᠠᠷᠭᠦᠯ᠂ ᠪᠣᠯᠤᠩᠭᠢᠷ᠂ ᠣᠯᠠᠭᠠᠨ ᠣᠰᠤ᠂ ᠬᠠᠷ᠎ᠠ ᠣᠰᠤ᠂ ᠭᠠᠰ ᠤᠨ ᠠᠮᠠ ᠵᠡᠷᠭᠡ ᠭᠠᠵᠠᠷ ᠴᠡᠷᠢᠭ᠌ ᠨᠠᠮᠠᠵᠤ ᠬᠦᠬᠡᠨᠠᠭᠤᠷ ᠲᠦᠪᠡᠳ ᠵᠥᠭ᠌ ᠨᠡᠪᠳᠡᠷᠡᠭᠦ ᠴᠢᠬᠤᠯᠠ ᠵᠠᠮ᠂ ᠪᠣᠭᠤᠮᠳᠠ ᠪᠦᠭᠦᠨ ᠢ ᠬᠠᠭᠠᠪᠠ᠃
ᠠᠷᠠᠪᠵᠤᠷ ᠳᠠᠢ᠌ᠴᠢᠩ ᠭᠦᠷᠤᠨ ᠤ ᠵᠠᠰᠠᠭ ᠤᠨ ᠭᠠᠵᠠᠷ ᠤᠨ ᠵᠠᠷᠯᠢᠭ ᠢ ᠠᠪᠴᠤ᠂ ᠭᠠᠰ ᠤᠨ ᠠᠮᠠ ᠶᠢ ᠰᠡᠷᠭᠡᠢ᠌ᠯᠡᠨ ᠰᠠᠭᠢᠵᠤ ᠰᠠᠭᠤᠭᠰᠠᠨ ᠨᠢ ᠶᠠᠭ ᠡᠨᠡ ᠦᠶ᠎ᠡ ᠶᠢᠨ ᠭᠡᠷᠡᠭ᠌ ᠪᠢᠯᠠ᠃ ᠡᠨᠡ ᠳᠤᠬᠠᠢ 《ᠵᠠᠷᠯᠢᠭ ᠶᠢᠡᠷ ᠳᠤᠭᠳᠠᠭᠠᠭᠰᠠᠨ ᠭᠠᠳᠠᠭᠠᠳᠤ ᠮᠤᠩᠭ᠋ᠤᠯ ᠬᠤᠲᠤᠩ ᠠᠢ᠌ᠮᠠᠭ ᠤᠨ ᠸᠠᠩ ᠭᠦᠩ ᠤᠳ ᠤᠨ ᠢᠯᠡᠳᠭᠡᠯ ᠱᠠᠰᠳᠢᠷ》 ᠲᠤ 《ᠳᠠᠪᠢᠨ ᠳᠦᠷᠪᠠᠳᠦᠭᠡᠷ ᠣᠨ (1715)᠂ ᠵᠡᠭᠦᠨ ᠬᠠᠷ ᠬᠠᠮᠢ ᠶᠢᠨ ᠬᠠᠵᠠᠷ ᠢ ᠣᠤᠯᠠᠭᠯᠠᠰᠠᠨ ᠤ ᠳᠤᠯᠳᠠ ᠵᠠᠷᠯᠢᠭ ᠶᠢᠡᠷ ᠠᠷᠠᠪᠵᠤᠷ ᠢ ᠴᠡᠷᠢᠭ᠌ ᠪᠠᠯᠡᠳᠵᠤ ᠳᠠᠢ᠌ᠴᠢᠯᠠᠨ ᠠᠪᠴᠢᠬᠤᠢ ᠶᠢ ᠭᠦᠯᠢᠶᠡᠳᠦᠭᠡᠢ ᠭᠡᠮᠡᠨ ᠳᠤᠰᠢᠶᠠᠪᠠᠢ᠂ ᠳᠠᠷᠠ ᠭᠢᠷᠢ ᠳᠤᠷ ᠵᠡᠭᠦᠨ ᠬᠠᠷ ᠬᠠᠮᠢ ᠳᠤᠷ ᠳᠠᠷᠤᠭᠳᠠᠵᠤ ᠣᠷᠬᠤᠭᠰᠠᠨ ᠤ ᠣᠴᠢᠷ ᠲᠤᠷ ᠬᠠᠰ (ᠭᠠᠰ) ᠤᠨ ᠰᠡᠷᠭᠡᠢ᠌ᠯᠡᠭᠦ ᠴᠡᠷᠢᠭ᠌ ᠢ ᠳᠠᠳᠠᠰᠤᠬᠠᠢ ᠭᠡᠮᠡᠨ ᠭᠡᠯᠡᠯᠴᠡᠵᠤ᠂ ᠰᠠᠷᠳᠠᠩ ᠤᠨ ᠨᠤᠳᠤᠭᠯᠠᠬᠤ ᠬᠠᠵᠠᠷ ᠢ ᠬᠠᠰ ᠤᠨ ᠴᠠᠬᠠᠨ ᠴᠢᠯᠠᠬᠤᠳᠤ ᠳᠤᠷ ᠨᠠᠪᠳᠠᠷᠠᠷᠠ ᠣᠳᠤᠮᠤᠢ ᠭᠡᠮᠡᠨ ᠭᠢᠶ᠎ᠠ ᠨᠡᠷ ᠢ ᠵᠠᠷᠤᠵᠤ ᠵᠡᠭᠦᠨ ᠬᠠᠷ ᠤᠨ ᠮᠦᠷ ᠢ ᠥᠵᠡᠭᠦᠯᠦᠷᠡ ᠢᠯᠡᠭᠡᠪᠠᠢ᠂ ᠳᠠᠪᠢᠨ ᠳᠠᠪᠣᠳᠤᠭᠠᠷ ᠣᠨ (1716) ᠠᠷᠠᠪᠵᠤᠷ ᠶᠡᠭᠡ ᠴᠡᠷᠢᠭ᠌ ᠢ ᠳᠠᠬᠠᠯᠳᠤᠵᠤ ᠭᠦᠴᠤᠨ ᠪᠠᠷᠢᠵᠤ ᠵᠢᠦᠡᠭᠦᠰᠦᠭᠡᠢ ᠭᠡᠮᠡᠨ ᠬᠤᠶᠤᠭᠰᠠᠨ ᠳᠤᠷ ᠵᠠᠷᠯᠢᠭ ᠶᠢᠡᠷ ᠳᠠᠪᠤᠨ ᠵᠠᠬᠤᠨ ᠴᠡᠷᠢᠭ᠌ ᠠᠪᠴᠤ ᠬᠠᠰ ᠤᠨ ᠬᠠᠵᠠᠷ ᠲᠤᠷ ᠰᠠᠬᠤᠯᠠᠷᠠ ᠢᠯᠡᠭᠡᠭᠡᠳ ᠵᠡᠭᠦᠨ ᠬᠠᠷ ᠤᠨ ᠳᠠᠩᠨᠠᠬᠤᠯᠴᠢ ᠶᠢ ᠰᠡᠷᠭᠡᠢ᠌ᠯᠡᠭᠦᠯᠪᠠᠢ》 ⑩ ᠭᠡᠵᠤ ᠳᠡᠮᠳᠡᠭᠯᠡᠪᠡ᠃
ᠠᠷᠠᠪᠵᠤᠷ ᠨᠤᠶᠠᠨ 1698 ᠣᠨ ᠳᠤ ᠢᠵᠢᠯ ᠵᠠᠢ ᠡᠴᠡ ᠲᠦᠪᠡᠳ ᠳᠤ ᠣᠴᠢᠭᠰᠠᠨ ᠤ ᠳᠠᠷᠠᠭ᠎ᠠ 1703 ᠣᠨ ᠳᠤ ᠲᠦᠪᠡᠳ ᠡᠴᠡ ᠭᠠᠷᠤᠭᠠᠤᠨ᠂ ᠳᠠᠷᠠᠭ᠎ᠠ ᠵᠢᠯ ᠨᠢ ᠳᠠᠢ᠌ᠴᠢᠩ ᠭᠦᠷᠤᠨ ᠡᠴᠡ ᠳᠡᠭᠦᠨ ᠳᠤ ᠬᠤᠱᠤᠢ ᠪᠠᠢ᠌ᠰᠠ ᠡᠷᠭᠦᠮᠵᠢᠯᠡᠭᠡᠳ ᠳ᠋ᠠᠩ ᠰᠠᠷᠳᠠᠩ ᠤᠨ ᠭᠠᠵᠠᠷ ᠵᠢᠭᠠᠵᠤ ᠨᠤᠳᠤᠭᠯᠠᠭᠤᠯᠬᠤ ᠭᠦᠷᠳᠡᠯ᠎ᠡ ᠨᠢᠭᠡᠨᠲᠡ ᠵᠢᠷᠭᠤᠭᠠᠨ ᠵᠢᠯ ᠤᠨ ᠪᠠᠷ᠎ᠠ ᠶᠢ ᠦᠵᠡᠵᠠᠢ᠃ ᠳᠡᠭᠦᠨ ᠡᠴᠡ ᠳᠡᠭᠡᠷ᠎ᠡ ᠥᠭᠦᠯᠡᠭ᠍ᠰᠡᠨᠴᠢᠯᠡᠨ ᠠᠷᠠᠪᠵᠤᠷ ᠨᠤᠶᠠᠨ ᠢ ᠳ᠋ᠠᠩ ᠰᠠᠷᠳᠠᠩ ᠤᠨ ᠭᠠᠵᠠᠷ ᠨᠤᠳᠤᠭᠯᠠᠵᠤ ᠪᠠᠢ᠌ᠭ᠎ᠠ ᠦᠶ᠎ᠡ ᠳᠤ ᠮᠠᠠᠵᠤ ᠶᠢᠨ ᠶᠡᠭᠡ ᠴᠡᠷᠢᠭ᠌ ᠢ ᠳᠠᠭᠠᠯᠳᠤᠵᠤ᠂ 《ᠭᠦᠴᠤᠨ ᠪᠠᠷᠢᠵᠤ ᠵᠢᠦᠡᠭᠦᠰᠦᠭᠡᠢ ᠭᠡᠵᠤ ᠭᠤᠶᠤᠭᠰᠠᠨ ᠳᠤ 1716 ᠣᠨ ᠳᠤ ᠵᠠᠷᠯᠢᠭ ᠶᠢᠡᠷ ᠳᠠᠪᠤᠨ ᠵᠠᠭᠤᠨ ᠬᠤᠶᠠᠭ ᠴᠡᠷᠢᠭ᠌ ᠠᠪᠴᠤ ᠵᠡᠭᠦᠡᠭᠠᠷ ᠬᠠᠭᠠᠠᠳᠤ ᠣᠯᠤᠰ ᠪᠣᠯᠤᠨ ᠬᠦᠬᠡᠨᠠᠭᠤᠷ ᠤᠨ ᠵᠠᠭᠠᠭ ᠪᠣᠯᠬᠤ ᠭᠠᠰ ᠤᠨ ᠠᠮᠠ ᠰᠠᠭᠤᠯᠠᠷᠠ ᠢᠯᠡᠭᠡᠭᠡᠳ ᠵᠡᠭᠦᠨ ᠭᠠᠷ ᠤᠨ ᠳᠠᠩᠨᠠᠭᠤᠯᠴᠢ ᠶᠢ ᠰᠡᠷᠭᠡᠢ᠌ᠯᠡᠭᠦᠯᠪᠠᠢ》 ᠭᠡᠵᠤ ᠭᠢᠳᠠᠤᠨ ᠰᠤᠷᠪᠣᠯᠵᠢ ᠳᠤ ᠳᠡᠮᠳᠡᠭᠯᠡᠭ᠍ᠰᠡᠨ ᠪᠠᠢ᠌ᠳᠠᠭ᠃ ᠠᠷᠠᠪᠵᠤᠷ ᠡᠨᠡ ᠦᠶ᠎ᠡ ᠭᠦᠷᠳᠡᠯ᠎ᠡ ᠨᠤᠳᠤᠭ ᠡᠴᠡ ᠪᠠᠨ ᠭᠠᠷᠤᠭᠠᠤᠨ ᠨᠢᠭᠡᠨᠲᠡ 18 ᠵᠢᠯ ᠪᠣᠯᠪᠠ᠃ ᠮᠤᠩᠭ᠋ᠤᠯ ᠭᠢᠳᠠᠤᠨ ᠰᠤᠷᠪᠣᠯᠵᠢ ᠳᠤ ᠳᠡᠮᠳᠡᠭᠯᠡᠭ᠍ᠰᠡᠨ ᠢ ᠦᠵᠡᠪᠠᠯ᠂ ᠠᠷᠠᠪᠵᠤᠷ ᠨᠤᠶᠠᠨ ᠭᠠᠰ ᠲᠤ ᠰᠡᠷᠭᠡᠢ᠌ᠯᠡᠨ ᠰᠠᠭᠤᠭᠰᠠᠨ ᠳᠠᠷᠠ ᠵᠢᠯ ᠳᠤ ᠥᠭᠡᠳᠡ ᠪᠣᠯᠤᠭᠰᠠᠨ ᠨᠢ ᠢᠯᠡᠷᠭᠡᠢ᠃ 《ᠵᠠᠷᠯᠢᠭ ᠶᠢᠡᠷ ᠳᠤᠭᠳᠠᠭᠠᠭᠰᠠᠨ ᠭᠠᠳᠠᠭᠠᠳᠤ ᠮᠤᠩᠭ᠋ᠤᠯ ᠬᠤᠲᠤᠩ ᠠᠢ᠌ᠮᠠᠭ ᠤᠨ ᠸᠠᠩ ᠭᠦᠩ ᠤᠳ ᠤᠨ ᠢᠯᠡᠳᠭᠡᠯ ᠱᠠᠰᠳᠢᠷ》 ᠲᠤ ᠠᠷᠠᠪᠵᠤᠷ ᠨᠤᠶᠠᠨ ᠢ ᠭᠠᠰ ᠲᠤ ᠳᠤᠮᠢᠯᠠᠭᠰᠠᠨ ᠵᠢᠯ 《ᠣᠳᠠᠯ ᠥᠭᠡᠢ᠌ᠭᠦᠶᠡ ᠥᠭᠡᠳᠡ ᠪᠣᠯᠤᠭᠰᠠᠨ ᠤ ᠬᠣᠢ᠌ᠨ᠎ᠠ ᠳᠡᠭᠦᠨ ᠤ ᠭᠦᠪᠠᠭᠦᠨ ᠳᠡᠡᠵᠦᠡᠭ᠌ ᠳᠤᠷ ᠵᠠᠯᠭᠠᠮᠵᠢᠯᠠᠭᠤᠯᠪᠠᠢ》 ⑾ ᠭᠡᠰᠡᠨ ᠪᠦᠭᠡᠳ ᠵᠠᠩ ᠮᠤ ᠶᠢᠨ《ᠮᠤᠩᠭ᠋ᠤᠯ ᠬᠤᠰᠢᠭᠤ ᠨᠤᠳᠤᠭ ᠤᠨ ᠳᠡᠮᠳᠡᠭᠯᠡᠯ》 ᠳᠤ᠄ 《ᠳᠠᠪᠢᠨ ᠳᠠᠪᠣᠳᠤᠭᠠᠷ ᠣᠨ (ᠡᠩᠭᠡ ᠠᠮᠤᠭᠤᠯᠠᠩ ᠤᠨ᠂ 1716) ᠳᠤᠷ ᠠᠷᠠᠪᠵᠤᠷ ᠴᠡᠷᠢᠭ᠌ ᠲᠤᠷ ᠭᠦᠴᠤᠨ ᠵᠢᠦᠡᠭᠦᠰᠦᠭᠡᠢ ᠭᠡᠮᠡᠨ ᠭᠤᠶᠤᠵᠤ ᠠᠢ᠌ᠯᠠᠳᠬᠠᠭᠰᠠᠨ ᠳᠤᠷ ᠵᠠᠷᠯᠢᠭ ᠶᠢᠡᠷ ᠳᠠᠪᠤᠨ ᠵᠠᠭᠤᠨ ᠴᠡᠷᠢᠭ᠌ ᠥᠭ᠍ᠴᠤ ᠭᠠᠰ ᠲᠤᠷ ᠰᠠᠭᠤᠯᠭᠠᠭᠰᠠᠨ ᠤ ᠬᠣᠢ᠌ᠨ᠎ᠠ ᠣᠳᠠᠯ ᠦᠭᠡᠶ ᠥᠭᠡᠳᠡ ᠪᠣᠯᠤᠭᠰᠠᠨ ᠳᠤᠷ ᠭᠦᠪᠠᠭᠦᠨ ᠢᠨᠤ ᠳᠡᠡᠵᠦᠡᠭ᠌ ᠵᠠᠯᠭᠠᠮᠵᠢᠯᠪᠠᠢ》 ⑿ ᠭᠡᠵᠤ ᠠᠷᠪᠵᠤᠷ ᠤᠨ ᠪᠠᠶ᠎ᠠ ᠥᠩᠭᠡᠷᠡᠭ᠍ᠰᠡᠨ ᠴᠠᠭ ᠦᠶ᠎ᠡ᠂ ᠭᠠᠵᠠᠷ ᠣᠷᠤᠨ ᠢ ᠳᠤᠳᠤᠷᠬᠠᠢ ᠳᠡᠮᠳᠡᠭᠯᠡᠭ᠍ᠰᠡᠨ ᠪᠠᠢ᠌ᠨ᠎ᠠ᠃
ᠠᠷᠠᠪᠵᠤᠷ ᠨᠤᠶᠠᠨ ᠪᠠᠶ᠎ᠠ ᠥᠩᠭᠡᠷᠡᠭ᠍ᠰᠡᠨ ᠤ ᠳᠠᠷᠠᠭ᠎ᠠ ᠳᠡᠭᠦᠨ ᠤ ᠭᠦᠪᠠᠭᠦᠨ ᠳᠡᠡᠵᠦᠡᠭ᠌ ᠡᠴᠢᠭᠡ ᠶᠢᠨ ᠶᠢᠠᠨ ᠦᠪ ᠢ ᠵᠠᠯᠭᠠᠮᠵᠢᠯᠠᠨ 《ᠨᠠᠢ᠌ᠷᠠᠯᠳᠤ ᠲᠦᠪ ᠤᠨ ᠳᠤᠯᠤᠳᠤᠭᠠᠷ ᠣᠨ (1729) ᠪᠠᠷᠠᠯᠠᠷᠠ ᠢᠷᠡᠭ᠍ᠰᠡᠨ ᠳᠤᠷ ᠳᠡᠭ᠍ᠰᠢᠭᠦᠯᠡᠵᠤ ᠲᠦᠷᠦ ᠶᠢᠨ ᠪᠠᠢ᠌ᠯ᠎ᠠ ᠡᠷᠭᠦᠮᠵᠢᠭᠦᠯᠪᠠᠢ》 ⒀᠃ ᠡᠨᠡ ᠦᠶ᠎ᠡ ᠵᠡᠭᠦᠡᠭᠠᠷ ᠬᠠᠭᠠᠠᠳᠤ ᠣᠯᠤᠰ ᠤᠨ ᠴᠠᠸᠠᠩᠷᠠᠪᠳᠠᠨ ᠬᠠᠭᠠᠨ ᠪᠠᠶ᠎ᠠ ᠥᠩᠭᠡᠷᠡᠵᠤ᠂ ᠳᠡᠭᠦᠨ ᠤ ᠭᠦᠪᠠᠭᠦᠨ ᠭᠠᠯᠳᠠᠠᠴᠠᠷᠠᠩ ᠳᠠᠢ᠌ᠵᠢ ᠡᠴᠢᠭᠡ ᠶᠢᠨ ᠰᠠᠭᠤᠷᠢᠨ ᠢ ᠵᠠᠯᠭᠠᠮᠵᠢᠯᠠᠨ ᠵᠡᠭᠦᠡᠭᠠᠷ ᠬᠠᠭᠠᠠᠳᠤ ᠣᠯᠤᠰ ᠤᠨ ᠵᠢᠩᠭᠢᠨᠢ ᠡᠵᠡᠨ ᠪᠣᠯᠤᠭᠰᠠᠨ ᠪᠢᠯᠠ᠃ ᠳᠠᠷᠠ ᠲᠦᠷᠦ ᠶᠢᠨ ᠡᠷᠭᠡ ᠠᠳᠬᠤᠮᠠᠭᠴᠠ ᠪᠠᠨ ᠳᠠᠢ᠌ᠴᠢᠩ ᠭᠦᠷᠤᠨ ᠲᠡᠶ ᠠᠯᠢ ᠪᠣᠯᠬᠤ ᠪᠠᠷ ᠨᠠᠢ᠌ᠷᠠᠮᠳᠠᠬᠤ ᠶᠢ ᠭᠦᠰᠡᠵᠤ ᠪᠠᠢ᠌ᠯ᠎ᠠ᠃ ᠭᠡᠳᠡᠯ᠎ᠡ ᠨᠠᠢ᠌ᠷᠠᠯᠳᠤ ᠲᠦᠪ ᠬᠠᠭᠠᠨ ᠡᠩᠭᠡ ᠠᠮᠤᠭᠤᠯᠠᠩ ᠤᠨ ᠵᠡᠭᠦᠡᠭᠠᠷ ᠲᠡᠶ ᠨᠠᠢ᠌ᠷᠠᠮᠳᠠᠬᠤ ᠭᠡᠰᠡᠨ ᠭᠡᠷᠢᠶᠡᠰ ᠢ ᠳᠠᠪᠴᠢᠵᠤ᠂ ᠭᠠᠯᠳᠠᠠᠴᠠᠷᠠᠩ ᠬᠠᠭᠠᠨ ᠢ ᠪᠠᠷᠠᠭᠤᠨ ᠬᠣᠢ᠌ᠳᠤ ᠶᠢᠨ ᠥᠴᠦᠭᠡᠨ ᠠᠢ᠌ᠮᠠᠭ ᠤᠨ ᠳᠦᠷᠦᠭᠦᠤ ᠭᠡᠮᠡᠨ ᠪᠠᠰᠤᠵᠤ᠂ ᠵᠠᠩ ᠪᠣᠤ ᠭᠡᠭᠦ ᠡᠯᠴᠢ ᠶᠢ ᠵᠡᠭᠦᠡᠭᠠᠷ ᠲᠤ ᠢᠯᠡᠭᠡᠨ ᠬᠠᠳᠠᠭᠤ ᠵᠥᠭᠡᠯᠡᠨ ᠠᠷᠭ᠎ᠠ ᠶᠢ ᠭᠡᠷᠡᠭᠯᠡᠨ ᠪᠠᠢ᠌ᠵᠤ ᠳᠠᠳᠠᠬᠤ ᠶᠢ ᠣᠷᠤᠯᠳᠤᠵᠠᠢ᠃ ᠨᠠᠢ᠌ᠷᠠᠯᠳᠤ ᠲᠦᠪ ᠬᠠᠭᠠᠨ᠂ ᠭᠠᠯᠳᠠᠠᠴᠠᠷᠠᠩ ᠬᠠᠭᠠᠨ ᠳᠤ《ᠬᠦᠡᠭ᠌ ᠳᠠᠢ᠌ᠵᠢ》 ᠭᠡᠮᠡᠭᠦ ᠴᠤᠯᠠ ᠡᠷᠭᠦᠮᠵᠢᠯᠡᠵᠤ ᠦᠭᠭᠦ ᠶᠢᠨ ᠬᠠᠮᠳᠤ ᠬᠦᠬᠡᠨᠠᠭᠤᠷ ᠤᠨ ᠯᠤᠪᠰᠠᠩᠳᠠᠠᠵᠢᠨ ᠬᠦᠡᠭ᠌ ᠳᠠᠢ᠌ᠵᠢ ᠶᠢ ᠳᠠᠷᠤᠢ ᠳᠦᠷᠭᠡᠨ ᠪᠣᠴᠠᠭᠠᠵᠤ ᠦᠭᠭᠦ ᠭᠡᠷᠡᠭ᠍ᠳᠡᠢ ᠭᠡᠰᠡᠨ ᠶᠤᠰᠤ ᠪᠣᠰᠤ ᠱᠠᠭᠠᠷᠳᠠᠯᠭ᠎ᠠ ᠳᠠᠯᠪᠢᠵᠠᠢ᠃ ᠭᠡᠭᠦ ᠳᠤ ᠭᠠᠯᠳᠠᠠᠴᠠᠷᠠᠩ ᠬᠠᠭᠠᠨ ᠳᠠᠢ᠌ᠴᠢᠩ ᠭᠦᠷᠤᠨ ᠤ ᠡᠯᠴᠢ ᠵᠠᠩ ᠪᠣᠤ ᠶᠢᠨ ᠬᠠᠷᠢᠭᠤ ᠳᠤ᠄ 《ᠬᠦᠬᠡᠨᠠᠭᠤᠷ ᠤᠨ ᠳᠠᠯᠠᠢ ᠬᠦᠡᠭ᠌ ᠳᠠᠢ᠌ᠵᠢ ᠯᠤᠪᠰᠠᠩᠳᠠᠠᠵᠢᠨ ᠵᠤᠪᠠᠯᠠᠩ ᠡᠴᠡ ᠵᠠᠢ᠌ᠯᠠᠵᠤ ᠮᠢᠨᠤ ᠡᠴᠢᠭᠡ ᠶᠢ ᠲᠦᠰᠢᠷᠠ ᠢᠷᠠᠪᠠ᠃ ᠪᠢ ᠠᠶᠤᠮᠰᠢᠭ ᠦᠭᠡᠶ ᠪᠠᠷ ᠡᠴᠢᠭᠡ ᠬᠠᠭᠠᠨ ᠤ ᠭᠡᠷᠢᠶᠠᠰ ᠢ ᠳᠠᠷᠰᠯᠠᠨ᠂ ᠬᠦᠡᠭ᠌ ᠳᠠᠢ᠌ᠵᠢ ᠶᠢ ᠳᠠᠨ ᠤ ᠳᠠᠢ᠌ᠴᠢᠩ ᠭᠦᠷᠤᠨ ᠳᠤ ᠭᠦᠷᠭᠡᠪᠠᠰᠤ ᠶᠤᠰᠤᠯᠠᠯ ᠵᠢᠷᠤᠮ ᠳᠤᠷ ᠦᠯᠦ ᠠᠭᠤᠯᠤᠭᠳᠠᠨ᠂ ᠳᠡᠯᠡᠭᠡᠢ ᠳ᠋ᠠᠭᠢᠨ ᠤ ᠣᠯᠠᠨ ᠳᠤ ᠡᠯᠡᠭᠯᠡᠯ ᠪᠣᠯᠤᠮᠤᠢ᠃ ᠳᠠᠭᠢᠨ ᠮᠠᠨ ᠤ ᠵᠡᠭᠦᠡᠭᠠᠷ ᠣᠯᠤᠰ ᠳᠠᠨ ᠤ ᠳᠠᠢ᠌ᠴᠢᠩ ᠭᠦᠷᠤᠨ ᠤ ᠰᠢᠭᠤᠳ ᠬᠠᠷᠢᠶᠠᠳᠤ ᠪᠣᠰᠤ᠂ ᠳᠠᠢ᠌ᠮᠤ ᠡᠴᠡ ᠨᠠᠳᠠᠳᠤ ᠬᠦᠡᠭ᠌ ᠳᠠᠢ᠌ᠵᠢ ᠴᠤᠯᠠ ᠬᠠᠢ᠌ᠷᠠᠯᠠᠬᠤ ᠭᠡᠮᠡᠨ ᠠᠭᠰᠤᠮᠨᠠᠬᠤ ᠠᠨᠤ ᠳᠠᠨ ᠤ ᠬᠠᠭᠠᠨ ᠤ ᠳᠦᠷᠢᠮᠡᠭᠡᠢ ᠣᠪᠣᠷ ᠪᠣᠶᠤ》 ⒁ ᠭᠡᠳ ᠨᠠᠢ᠌ᠷᠠᠯᠳᠤ ᠲᠦᠪ ᠬᠠᠭᠠᠨ ᠤ ᠪᠢᠴᠢᠭ᠌ ᠢ ᠢᠷᠡᠭ᠍ᠰᠡᠨ ᠡᠯᠴᠢ ᠪᠠᠷ ᠭᠡᠳᠡᠷᠭᠦ ᠪᠣᠴᠠᠭᠠᠭᠰᠠᠨ ᠪᠢᠯᠠ᠃ ᠳᠠᠢ᠌ᠴᠢᠩ ᠭᠦᠷᠤᠨ ᠤ ᠡᠯᠴᠢ ᠪᠣᠴᠠᠵᠤ ᠬᠠᠷᠢᠭᠤ ᠠᠢ᠌ᠯᠠᠳᠬᠠᠭᠰᠠᠨ ᠤ ᠳᠠᠷᠠᠭ᠎ᠠ ᠨᠠᠢ᠌ᠷᠠᠯᠳᠤ ᠲᠦᠪ ᠬᠠᠭᠠᠨ ᠵᠡᠭᠦᠡᠭᠠᠷ ᠢ ᠳᠤᠪᠳᠤᠯᠬᠤ ᠪᠠᠷ ᠰᠢ᠌ᠤᠠᠴᠠᠢ᠃ ᠳᠠᠷᠠ ᠣᠯᠠᠨ ᠰᠠᠢ᠌ᠳ ᠨᠡᠷ ᠤᠨ ᠭᠦᠴᠦᠯᠡᠨ ᠬᠤᠷᠢᠭᠯᠠᠬᠤ ᠶᠢ ᠦᠯᠦ ᠰᠤᠨᠤᠰᠤᠨ ᠭᠠᠭᠴᠠ ᠭᠢᠳᠠᠤᠨ ᠰᠠᠢ᠌ᠳ ᠵᠠᠩ ᠳᠢᠩ ᠢᠤᠢ ᠶᠢᠨ ᠵᠡᠭᠦᠡᠭᠠᠷ ᠢ ᠭᠦᠴᠦᠯᠡᠨ ᠳᠠᠢ᠌ᠯᠠᠬᠤ ᠭᠡᠰᠡᠨ ᠥᠭᠡ ᠶᠢ ᠦᠨᠡᠮᠰᠢᠨ ᠬᠤᠶᠠᠷ ᠵᠠᠮ ᠶᠢᠡᠷ ᠵᠡᠭᠦᠡᠭᠠᠷ ᠬᠠᠭᠠᠠᠳᠤ ᠣᠯᠤᠰ ᠤᠨ ᠵᠥᠭ᠌ ᠴᠡᠷᠢᠭ᠌ ᠣᠷᠤᠬᠤ ᠰᠢ᠌ᠤᠠᠪᠣᠷᠢ ᠭᠠᠷᠭᠠᠪᠠ᠃
ᠮᠠᠠᠵᠤ ᠶᠢᠨ ᠶᠡᠭᠡ ᠴᠡᠷᠢᠭ᠌᠂ ᠵᠡᠭᠦᠡᠭᠠᠷ ᠬᠠᠭᠠᠠᠳᠤ ᠣᠯᠤᠰ ᠤᠨ ᠭᠢᠯᠢ ᠳᠤ ᠬᠠᠯᠳᠠᠨ ᠢᠷᠡᠭᠦ ᠳᠤ᠂ ᠭᠠᠯᠳᠠᠠᠴᠠᠷᠠᠩ ᠬᠠᠭᠠᠨ ᠵᠥᠭᠡᠷ ᠰᠠᠭᠤᠭᠰᠠᠨ ᠦᠭᠡᠶ ᠠᠵᠢ᠃ ᠳᠠᠷᠠ ᠳᠠᠢ᠌ᠯᠠᠬᠤ ᠪᠠ ᠰᠡᠷᠭᠡᠢ᠌ᠯᠡᠭᠦ ᠴᠢᠨᠠᠷᠳᠠᠢ ᠠᠯᠢ ᠣᠯᠠᠨ ᠠᠷᠭ᠎ᠠ ᠭᠡᠮᠵᠢᠶ᠎ᠡ ᠠᠪᠴᠤ ᠪᠦᠭᠦ ᠳᠠᠯ᠎ᠠ ᠪᠠᠷ ᠪᠡᠯᠡᠳᠭᠡᠯ ᠭᠢᠵᠤ ᠪᠠᠢ᠌ᠪᠠ᠃ ᠶᠠᠭᠤᠨ ᠤ ᠤᠷᠢᠳ ᠵᠠᠬᠠᠴᠢᠨ ᠣᠳᠤᠭ ᠤᠨ ᠵᠠᠢ᠌ᠰᠠᠩ ᠭᠦᠭ᠍ᠰᠢᠨ ᠮᠠᠮᠠᠤᠳ ᠳᠤ ᠵᠠᠷᠯᠢᠭ ᠥᠭ᠍ᠴᠤ ᠳᠡᠭᠦᠨ ᠶᠢᠡᠷ ᠵᠠᠬᠠᠴᠢᠨ᠂ ᠫᠣᠤᠴᠢᠨ᠂ ᠭᠠᠯᠵᠢᠳ ᠣᠳᠤᠭ ᠤᠨ ᠣᠯᠠᠨ ᠴᠡᠷᠢᠭ᠌ ᠢ ᠳᠠᠢ᠌ᠴᠢᠯᠠᠨ ᠠᠯᠳᠠᠢ ᠪᠣᠯᠤᠨ ᠪᠠᠷᠭᠦᠯ ᠤᠨ ᠵᠠᠬ᠎ᠠ ᠨᠡᠢ᠌ᠯᠡᠭᠦ ᠴᠠᠭᠠᠨ ᠳᠤᠯᠤᠭᠠᠢ ᠭᠡᠭᠦ ᠭᠠᠵᠠᠷ ᠲᠤ ᠰᠡᠷᠭᠡᠢ᠌ᠯᠡᠨ ᠰᠠᠭᠤᠯᠭᠠᠵᠤ᠂ ᠪᠠᠭ᠎ᠠ ᠴᠠᠷᠠᠩᠳᠤᠠᠳᠤᠪ ᠤᠨ ᠭᠦᠪᠠᠭᠦᠨ ᠴᠠᠷᠠᠩᠨᠠᠮᠵᠢᠯ ᠪᠣᠯᠤᠨ ᠳᠠᠢ᠌ᠵᠢ ᠰᠠᠪᠳᠠᠨ ᠳᠤ ᠵᠢᠷᠭᠤᠭᠠᠨ ᠮᠢᠩᠭ᠋ᠠᠨ ᠴᠡᠷᠢᠭ᠌ ᠥᠭ᠍ᠴᠤ ᠪᠠᠷᠭᠦᠯ ᠤᠨ ᠠᠷᠤ ᠳ᠋ᠠᠭᠢ ᠮᠦᠷᠤ ᠭᠤᠤᠯ ᠭᠡᠮᠡᠭᠦ ᠭᠠᠵᠠᠷ ᠰᠡᠷᠭᠡᠢ᠌ᠯᠡᠨ ᠰᠠᠭᠤᠯᠭᠠᠵᠠᠢ᠃ ᠭᠠᠯᠳᠠᠠᠴᠠᠷᠠᠩ ᠬᠠᠭᠠᠨ᠂ ᠭᠤᠤᠯ ᠭᠦᠴᠤᠨ ᠶᠢᠡᠨ ᠮᠠᠠᠵᠤ ᠶᠢᠨ ᠹᠦᠷᠳᠡᠨ ᠤ ᠵᠠᠭᠢᠷᠤᠭᠰᠠᠨ ᠣᠮᠠᠷᠠᠳᠤ ᠵᠠᠮ ᠤᠨ ᠴᠡᠷᠢᠭ᠌ ᠲᠤ ᠴᠢᠭᠯᠡᠭᠦᠯᠡᠵᠤ᠂ ᠶᠡᠭᠡ ᠪᠠᠭ᠎ᠠ ᠴᠠᠷᠠᠩᠳᠤᠠᠳᠤᠪ ᠪᠣᠯᠤᠨ ᠶᠡᠭᠡ ᠴᠠᠷᠠᠩᠳᠤᠠᠳᠤᠪ ᠤᠨ ᠭᠦᠪᠠᠭᠦᠨ ᠳᠤᠷᠵᠢᠳᠠᠮᠪᠠ ᠪᠠᠷ ᠭᠤᠷᠪᠠᠨ ᠲᠦᠮᠡᠨ ᠰᠢᠯᠢᠳᠡᠭ᠌ ᠴᠡᠷᠢᠭ᠌ ᠳᠡᠢ᠌ᠴᠢᠯᠡᠭᠤᠯᠤᠨ ᠬᠤᠧᠨ ᠡᠷᠴᠢᠰ᠂ ᠥᠷᠦᠩᠭᠦ᠂ ᠬᠤᠪᠣᠭᠰᠠᠢ᠌ᠷ ᠵᠡᠷᠭᠡ ᠭᠤᠷᠪᠠᠨ ᠭᠠᠵᠠᠷ ᠲᠤ ᠰᠡᠷᠭᠡᠢ᠌ᠯᠡᠨ ᠰᠠᠭᠤᠯᠭᠠᠭᠰᠠᠨ ᠪᠠᠢ᠌ᠪᠠ᠃ 1730 ᠣᠨ ᠤ ᠡᠪᠦᠯ ᠮᠠᠮᠤᠳ ᠵᠠᠷᠯᠢᠭ ᠶᠢᠡᠷ ᠬᠠᠷᠢᠶᠠᠳᠤ ᠣᠯᠠᠨ ᠣᠳᠤᠭ ᠤᠨ ᠴᠡᠷᠢᠭ᠌ ᠢ ᠳᠠᠢ᠌ᠴᠢᠯᠠᠨ᠂ ᠪᠣᠯᠠᠭᠠᠨ ᠤ ᠴᠠᠭᠠᠨ ᠳᠤᠯᠤᠭᠠᠢ ᠡᠴᠡ ᠮᠦᠷᠤ ᠣᠰᠤ ᠭᠦᠷᠴᠤ ᠭᠦᠷᠢᠶ᠎ᠡ ᠪᠠᠭᠤᠪᠠ᠃ ᠮᠠᠮᠠᠤᠳ ᠪᠣᠯᠤᠩᠭᠢᠷ᠂ ᠴᠠᠭᠠᠨ ᠣᠰᠤ ᠳ᠋ᠠᠭᠢ ᠳᠠᠢ᠌ᠴᠢᠩ ᠭᠦᠷᠤᠨ ᠤ ᠴᠡᠷᠢᠭ᠌ ᠤᠨ ᠠᠩᠬᠠᠷᠤᠯ ᠢ ᠳᠠᠳᠠᠬᠤ ᠶᠢᠨ ᠳᠤᠯᠳᠠ ᠨᠢᠭᠡᠨ ᠰᠠᠯᠠᠭ᠎ᠠ ᠴᠡᠷᠢᠭ᠌ ᠶᠢᠡᠷ ᠠᠷᠠᠪᠵᠤᠷ ᠤᠨ ᠭᠦᠪᠠᠭᠦᠨ ᠳᠡᠡᠵᠦᠡᠭ᠌ ᠨᠡᠷ ᠤᠨ ᠳᠠᠢ᠌ᠴᠢᠩ ᠭᠦᠷᠤᠨ ᠤ ᠭᠠᠰ ᠤᠨ ᠠᠮᠠ ᠳ᠋ᠠᠭᠢ ᠰᠠᠭᠢᠭᠤᠯ ᠴᠡᠷᠢᠭ᠌ ᠢ ᠭᠡᠨᠡᠳᠡᠭᠦᠯᠤᠨ ᠪᠦᠰᠡᠯᠡᠭᠦ ᠭᠡᠷᠡᠭ᠍ᠳᠡᠢ ᠪᠣᠯᠪᠠ᠃ ᠡᠨᠡ ᠵᠠᠷᠯᠢᠭ ᠣᠯᠤᠭᠰᠠᠨ ᠴᠠᠷᠠᠩᠨᠠᠮᠵᠢᠯ᠂ ᠰᠠᠪᠳᠠᠨ ᠨᠡᠷ ᠭᠡᠳᠤᠨ ᠮᠢᠩᠭ᠋ᠠᠨ ᠴᠡᠷᠢᠭ᠌ ᠬᠤᠶᠠᠭ ᠠᠪᠴᠤ ᠴᠢ ᠲᠡᠶ ᠭᠡᠭᠦ ᠭᠠᠵᠠᠷ ᠡᠴᠡ ᠮᠤᠷᠳᠠᠵᠤ ᠪᠠᠷᠭᠦᠯ ᠤᠨ ᠬᠠᠷᠠᠭᠤᠯ ᠢ ᠰᠡᠮᠡᠭᠡᠷ ᠥᠩᠭᠡᠷᠡᠵᠤ ᠶᠠᠷᠤ ᠪᠣᠰᠤ ᠶᠢᠨ ᠰᠦᠰᠦ ᠵᠤᠷᠢᠭ ᠶᠢᠡᠷ ᠯᠤᠪ ᠨᠠᠭᠤᠷ ᠢ ᠳᠤᠭᠤᠯᠠᠨ ᠬᠦᠬᠡᠨᠠᠭᠤᠷ ᠤᠨ ᠪᠠᠷᠠᠭᠤᠨ ᠬᠣᠢ᠌ᠳᠤ ᠳᠤ ᠰᠥᠡᠳᠦᠷᠯᠡᠭᠡ ᠠᠯᠳᠠᠨ ᠳᠠᠭ ᠠᠭᠤᠯᠠ (ᠭᠢᠳᠠᠤᠨ ᠶᠢᠡᠷ 阿督鹕ᠭᠡᠭᠦ) ᠵᠢᠨ ᠦᠪᠣᠷ ᠥᠯᠦᠭᠡᠨ ᠳ᠋ᠠᠭᠢ ᠭᠠᠰ ᠤᠨ ᠠᠮᠠ ᠶᠢ ᠰᠠᠭᠢᠨ ᠰᠠᠭᠤᠭ᠎ᠠ ᠳᠡᠡᠵᠦᠡᠭ᠌ ᠨᠡᠷ ᠤᠨ ᠳᠠᠢ᠌ᠴᠢᠩ ᠭᠦᠷᠤᠨ ᠤ ᠰᠠᠭᠢᠭᠤᠯ ᠴᠡᠷᠢᠭ᠌ ᠢ ᠭᠡᠨᠡᠳᠡᠭᠦᠯᠤᠨ ᠴᠤᠭᠢᠭᠠᠤᠨ ᠪᠣᠴᠠᠪᠠ ⒂᠃
ᠳᠤᠬᠠᠢ ᠶᠢᠨ ᠦᠶ᠎ᠡ ᠮᠠᠠᠵᠤ ᠶᠢᠨ ᠶᠡᠭᠡ ᠴᠡᠷᠢᠭ᠌ ᠢ ᠲᠠᠭᠠᠨ ᠭᠠᠰ ᠤᠨ ᠠᠮᠠ ᠶᠢ ᠰᠠᠭᠢᠨ ᠰᠠᠭᠤᠭ᠎ᠠ ᠳᠡᠡᠵᠦᠡᠭ᠌ ᠨᠤᠶᠠᠨ ᠮᠠᠠᠵᠤ᠂ ᠵᠡᠭᠦᠡᠭᠠᠷ ᠤᠨ ᠳᠠᠢ᠌ᠨ ᠡᠴᠡ ᠬᠤᠯᠠ ᠵᠠᠢ᠌ᠳᠠᠬᠤ ᠶᠢ ᠪᠣᠳᠤᠵᠤ᠂ ᠳᠠᠢ᠌ᠨ ᠳᠠᠭᠤᠰᠠᠬᠤ ᠶᠢᠨ ᠭᠢᠷᠢ ᠠᠯᠪᠠᠳᠤ ᠪᠠᠨ ᠠᠪᠴᠤ ᠳ᠋ᠠᠩ ᠤᠨ ᠭᠤᠤᠯ ᠢ ᠣᠷᠤᠭᠤᠳᠠᠨ᠂ ᠰᠦᠷ ᠤᠨ ᠭᠤᠤᠯ᠂ ᠳᠠᠤᠯᠠᠢ ᠭᠤᠤᠯ ᠢ ᠳᠠᠮᠵᠢᠨ ᠡᠵᠡᠨ᠎ᠡ ᠭᠤᠤᠯ ᠤᠨ ᠡᠭᠢ ᠪᠠᠷ ᠢᠷᠠᠵᠤ ᠰᠢᠷ᠎ᠠ ᠭᠤᠤᠯ᠂ ᠬᠠᠷ᠎ᠠ ᠭᠤᠤᠯ ᠢ ᠥᠭ᠍ᠰᠡᠨ ᠨᠡᠭᠦᠳᠡᠯᠯᠡᠵᠤ ᠥᠢᠮᠡᠭᠡᠨ ᠡᠴᠡ ᠵᠠᠢ᠌ᠴᠢᠨ᠂ ᠣᠳᠤ ᠶᠢᠨ ᠭᠠᠠᠰᠤ ᠮᠤᠵᠢ ᠶᠢᠨ ᠱᠠᠨ ᠳ᠋ᠠᠨ ᠤ ᠣᠷᠴᠢᠮ ᠤᠨ ᠰᠢᠷ᠎ᠠ ᠳᠠᠯ᠎ᠠ ᠳᠤ ᠭᠡᠳᠤᠨ ᠵᠢᠯ ᠨᠡᠭᠦᠳᠡᠯᠯᠡᠨ ᠰᠠᠭᠤᠷᠢᠰᠢᠪᠠ ⒃᠃ ᠳᠡᠭᠦᠨ ᠡᠴᠡ ᠡᠪᠦᠯ ᠪᠣᠯᠪᠠᠯ ᠠᠩ ᠭᠦᠷᠦᠭᠡ ᠭᠢᠵᠤ ᠡᠮᠦᠨᠡᠰᠢ ᠪᠠᠨ ᠬᠠᠷ᠎ᠠ ᠠᠭᠤᠯᠠ᠂ ᠴᠠᠰᠤᠳᠤ᠂ ᠪᠠᠷᠠᠭᠤᠨ ᠳᠠᠢ᠌ᠰᠢ ᠬᠠᠪᠳᠠᠭᠠᠢ ᠶᠢᠨ ᠱᠠᠠᠳᠠ᠂ ᠴᠤᠭ ᠬᠠᠢ᠌ᠷᠠᠬᠠᠨ᠂ ᠪᠣᠯᠤᠷ᠂ ᠵᠠᠩᠵᠤᠠᠳᠠᠢ᠂ ᠪᠠᠶᠠᠨ ᠪᠣᠯᠠᠭ᠂ ᠪᠠᠶᠠᠨ ᠪᠦᠷᠢᠳᠤ ᠭᠦᠷᠴᠤ᠂ ᠣᠮᠠᠷᠠᠰᠢ ᠪᠠᠨ ᠡᠵᠡᠨ᠎ᠡ ᠭᠤᠤᠯ ᠤᠨ ᠭᠦᠪᠴᠢ᠂ ᠬᠤᠩᠭ᠋ᠤᠷᠵᠢ᠂ ᠭᠤᠷᠤᠨᠠᠢ ᠵᠡᠷᠭᠡ ᠭᠠᠵᠠᠷ ᠤᠳ ᠶᠢᠡᠷ ᠠᠢ᠌ᠮᠠᠭ ᠣᠯᠠᠨ ᠶᠢᠡᠨ ᠠᠪᠴᠤ ᠠᠵᠤ ᠲᠦᠷᠦᠨ ᠠᠮᠢᠳᠤᠷᠠᠵᠤ ᠪᠠᠢ᠌ᠭᠰᠠᠨ ᠠᠵᠠᠢ᠃
ᠨᠠᠢ᠌ᠷᠠᠯᠳᠤ ᠲᠦᠪ ᠤᠨ ᠶᠢᠰᠦᠳᠦᠭᠡᠷ ᠣᠨ (1731) ᠳᠤ ᠳᠡᠡᠵᠦᠡᠭ᠌ ᠨᠤᠶᠠᠨ ᠡᠴᠡ ᠰᠠᠷᠳᠠᠩ ᠤᠨ ᠨᠤᠳᠤᠭ ᠤᠨ ᠭᠠᠵᠠᠷ ᠠᠨᠤ ᠭᠠᠰ ᠤᠨ ᠴᠢᠯᠠᠭᠤᠳᠤ ᠳᠤᠷ ᠨᠡᠪᠳᠡᠷᠡᠭᠦ ᠳᠤᠯᠠᠳᠠ ᠵᠡᠭᠦᠨ ᠭᠠᠷ ᠤᠨ ᠣᠤᠯᠭᠠᠯᠬᠤ ᠡᠴᠡ ᠠᠶᠤᠵᠤ᠂ ᠳᠤᠳᠤᠭᠰᠢ ᠨᠡᠭᠦᠰᠦᠭᠡᠢ ᠭᠡᠮᠡᠨ ᠭᠤᠶᠤᠭᠰᠠᠨ ᠳᠤᠷ ᠱᠠᠠᠰᠢ ᠶᠢᠨ ᠪᠦᠭᠦᠳᠡ ᠶᠢ ᠵᠠᠭᠢᠷᠤᠭᠴᠢ ᠰᠠᠢ᠌ᠳ ᠴᠠᠯᠤᠩᠭ᠋ᠠ ᠡᠴᠡ 《ᠲᠦᠷᠦᠯ ᠰᠠᠳᠤᠨ ᠶᠢᠡᠨ ᠳᠠᠭᠠᠭᠤᠯᠠᠵᠤ ᠠᠯᠠᠭ ᠠᠭᠤᠯᠠ ᠠᠯᠳᠠᠨ ᠳᠠᠪᠰᠢ ᠵᠡᠷᠭᠡ ᠭᠠᠵᠠᠷ ᠲᠤᠷ ᠨᠤᠳᠤᠭᠯᠠᠳᠤᠭᠠᠢ》 ᠭᠡᠮᠡᠨ ᠵᠠᠷᠯᠢᠭ ᠥᠭ᠍ᠴᠤ᠂ ᠳᠠᠷᠠᠭ᠎ᠠ ᠪᠠᠷ ᠡᠵᠡᠨ᠎ᠡ ᠭᠤᠤᠯ ᠤᠨ ᠭᠠᠵᠠᠷ ᠲᠤᠷ ᠨᠤᠳᠤᠭᠯᠠᠭᠤᠯᠤᠨ ᠰᠠᠭᠤᠯᠭᠠᠪᠠ ⒄᠃ ᠮᠦᠨ ᠵᠠᠩ ᠮᠤ ᠶᠢᠨ ᠪᠢᠴᠢᠭ᠌ ᠲᠤ ᠳᠤᠬᠠᠢ ᠶᠢᠨ ᠦᠶ᠎ᠡ ᠳᠡᠡᠵᠦᠡᠭ᠌ ᠤᠨ ᠬᠠᠷᠢᠶᠠᠳᠤ ᠮᠡᠷᠭᠡᠨ ᠴᠤᠷᠵᠢ ᠭᠡᠭ᠍ᠴᠢ ᠵᠡᠭᠦᠡᠭᠠᠷ ᠢ ᠳᠦᠰᠢᠭ᠍ᠰᠡᠨ ᠡᠴᠡ ᠳᠡᠡᠵᠦᠡᠭ᠌ ᠨᠤᠶᠠᠨ ᠣᠯᠠᠮ ᠪᠠᠷ ᠭᠡᠯᠮᠡᠭ᠍ᠳᠡᠨ ᠳᠤᠳᠤᠭᠰᠢ ᠪᠠᠨ ᠨᠡᠭᠦᠰᠦᠭᠡᠢ ᠭᠡᠵᠤ ᠭᠤᠶᠤᠭᠰᠠᠨ ᠶᠢᠡᠷ ᠰᠠᠶᠢ ᠡᠵᠡᠨ᠎ᠡ ᠭᠤᠤᠯ ᠤᠨ ᠭᠠᠵᠠᠷ ᠢ ᠳᠡᠡᠵᠦᠡᠭ᠌ ᠳᠤ ᠵᠢᠩᠭᠢᠨᠢ ᠪᠠᠷ ᠰᠠᠭᠤᠷᠢᠰᠢᠯ ᠤᠨ ᠨᠤᠳᠤᠭ ᠶᠢᠡᠷ ᠵᠢᠭᠠᠵᠠᠢ᠃ ᠭᠡᠭᠦ ᠳᠤ ᠵᠢᠩᠭᠢᠨᠢ ᠡᠵᠡᠨ᠎ᠡ ᠬᠠᠭᠤᠴᠢᠨ ᠳᠤᠷᠭᠤᠳ ᠬᠤᠰᠢᠭᠤ ᠪᠠᠢ᠌ᠭᠤᠯᠵᠤ ᠵᠠᠰᠠᠭ ᠣᠯᠭᠤᠵᠤ᠂ ᠳᠠᠮᠠᠭ᠎ᠠ ᠬᠠᠢ᠌ᠷᠠᠯᠠᠭᠰᠠᠨ ᠨᠢ ᠬᠠᠷᠢᠨ ᠠᠷᠠᠪᠵᠤᠷ ᠤᠨ ᠪᠶᠠ ᠥᠩᠭᠡᠷᠡᠭ᠍ᠰᠡᠨ ᠤ 37 ᠵᠢᠯ ᠤᠨ ᠳᠠᠷᠠᠭᠠᠭᠢ 1753 ᠣᠨ ᠤ ᠳᠡᠨᠵᠦᠡᠭ᠌ ᠨᠤᠶᠠᠨ ᠤ ᠭᠦᠪᠠᠭᠦᠨ ᠯᠤᠪᠰᠠᠩᠳᠠᠷᠵᠠ ᠶᠢᠨ ᠦᠶ᠎ᠡ ᠳᠤ ᠪᠢᠯᠠ᠃ ᠡᠨᠡ ᠳᠤᠬᠠᠢ 《ᠵᠠᠷᠯᠢᠭ ᠶᠢᠡᠷ ᠳᠤᠭᠳᠠᠭᠠᠭᠰᠠᠨ ᠭᠠᠳᠠᠭᠠᠳᠤ ᠮᠤᠩᠭ᠋ᠤᠯ ᠬᠤᠲᠤᠩ ᠠᠢ᠌ᠮᠠᠭ ᠤᠨ ᠸᠠᠩ ᠭᠦᠩ ᠤᠳ ᠤᠨ ᠢᠯᠡᠳᠭᠡᠯ ᠱᠠᠰᠳᠢᠷ》 ᠲᠤ᠄ 《ᠬᠤᠶᠠᠳᠤᠬᠠᠷ ᠯᠤᠬ᠎ᠠ ᠯᠤᠪᠰᠠᠩᠳᠠᠷᠵᠠ᠂ ᠳᠡᠡᠵᠦᠡᠭ᠌ ᠤᠨ ᠠᠬᠠᠮᠠᠤᠨ ᠭᠦᠪᠠᠭᠦᠨ᠂ ᠳᠡᠭ᠍ᠷᠢ ᠲᠡᠳᠬᠦᠭ᠍ᠰᠡᠨ ᠤ ᠳᠠᠪᠣᠳᠤᠬᠠᠷ ᠣᠨ (1740) ᠲᠦᠷᠦ ᠶᠢᠨ ᠪᠠᠢ᠌ᠯ᠎ᠠ ᠵᠠᠯᠬᠠᠮᠵᠢᠯᠠᠬᠤᠯᠵᠤ᠂ ᠨᠠᠰᠤᠨ ᠵᠠᠯᠠᠭᠤ ᠶᠢᠨ ᠳᠤᠯᠠ ᠬᠠᠳᠠᠬᠠᠳᠤ ᠮᠤᠩᠬᠤᠯ ᠤᠨ ᠲᠦᠷᠦ ᠶᠢ ᠵᠠᠰᠠᠬᠤ ᠶᠠᠪᠣᠳᠠᠯ ᠤᠨ ᠶᠠᠮᠤᠨ ᠤ ᠲᠦᠰᠢᠮᠠᠯ ᠢ ᠵᠠᠷᠤᠬᠠᠤᠨ ᠳᠡᠭᠦᠨ ᠤ ᠨᠤᠳᠤᠭ ᠤᠨ ᠭᠡᠷᠡᠭ᠌ ᠢ ᠳᠦᠯᠦᠭᠡᠯᠡᠨ ᠰᠢ᠌ᠳᠭᠡᠭᠦᠯᠪᠠᠢ᠃ ᠠᠷᠪᠠᠨ ᠳᠤᠯᠤᠳᠤᠬᠠᠷ ᠣᠨ (1752) ᠭᠡᠳᠡᠷᠡᠭᠦ ᠳᠠᠳᠠᠪᠠᠢ᠃ ᠠᠷᠪᠠᠨ ᠨᠢ᠋ᠮᠠᠳᠤᠬᠠᠷ ᠣᠨ (1753) ᠵᠠᠷᠯᠢᠭ ᠶᠢᠡᠷ ᠵᠠᠰᠠᠭ ᠪᠣᠯᠬᠠᠵᠤ ᠳᠡᠭᠦᠨ ᠢ ᠬᠠᠷᠢᠶᠠᠳᠤ ᠠᠷᠠᠤᠨ ᠢ ᠵᠠᠭᠢᠷᠬᠠᠪᠠᠢ》 ⒅ ᠭᠡᠵᠤ ᠳᠡᠮᠳᠡᠭᠯᠡᠭ᠍ᠰᠡᠨ ᠪᠠᠢ᠌ᠳᠠᠭ᠃
ᠵᠡᠭᠦᠯᠳᠡ᠄
① ᠶᠡᠭᠡ ᠴᠤᠬᠤᠷ ᠊᠊᠊᠊᠊᠊᠊᠊᠊᠊᠊᠊᠊᠊᠊ 17 ᠳ᠋ᠤᠭᠠᠷ ᠵᠠᠭᠤᠨ ᠤ ᠠᠳᠠᠭ ᠶᠢᠡᠷ ᠬᠠᠯᠢᠮᠠᠭ ᠬᠠᠭᠠᠠᠳᠤ ᠣᠯᠤᠰ ᠨᠢ ᠣᠯᠤᠰ ᠭᠡᠮᠡᠭᠦ ᠣᠭᠰᠠᠭ᠎ᠠ ᠵᠠᠯᠭᠠᠮᠵᠢᠯᠠᠭᠰᠠᠨ ᠶᠢᠰᠤᠨ ᠨᠤᠶᠠᠨ ᠤ ᠠᠯᠪᠠᠳᠤ ᠳᠤ ᠬᠤᠪᠢᠶᠠᠭᠳᠠᠵᠤ ᠪᠠᠢ᠌ᠪᠠ᠃ ᠡᠭᠦᠨ ᠳᠤ ᠶᠡᠭᠡ ᠴᠤᠬᠤᠷ᠂ ᠪᠠᠭ᠎ᠠ ᠴᠤᠬᠤᠷ᠂ ᠡᠷᠭᠡᠳᠤ᠂ ᠬᠠᠷᠬᠤᠰ᠂ ᠡᠷᠳᠡᠨᠢᠭᠢᠴᠢᠭ᠌᠂ ᠶᠠᠠᠳᠠᠭ ᠭᠡᠭᠦ ᠵᠢᠷᠭᠤᠭᠠᠨ ᠣᠯᠤᠰ ᠨᠢ ᠳᠤᠷᠭᠤᠳ ᠤᠨ ᠠᠶᠤᠭᠢ ᠬᠠᠭᠠᠨ ᠤ ᠣᠳᠤᠮ ᠤᠨ ᠭᠢᠨ ᠪᠠᠢ᠌ᠵᠤ᠂ ᠳᠡᠭᠦᠨ ᠡᠴᠡ ᠨᠥᠭᠦᠭᠡ ᠭᠤᠷᠪᠠ ᠨᠢ ᠶᠡᠭᠡ ᠪᠠᠭ᠎ᠠ ᠭᠡᠰᠡᠨ ᠬᠤᠶᠠᠷ ᠳᠦᠷᠪᠡᠳ ᠣᠯᠤᠰ᠂ ᠨᠢᠭᠡ ᠬᠤᠱᠤᠳ ᠣᠯᠤᠰ ᠪᠠᠢ᠌ᠪᠠ᠃
② ᠴᠣᠢ᠌ᠮᠪᠣᠯ᠄ 《ᠡᠵᠡᠨ᠎ᠡ ᠬᠤᠰᠢᠭᠤᠨ ᠤ ᠡᠮ ᠡᠮᠨᠡᠯᠭᠡ ᠡᠷᠡᠭᠦᠯ ᠮᠠᠠᠳᠤ ᠶᠢᠨ ᠳᠣᠢ᠌ᠮᠤ》᠂ 《ᠡᠵᠡᠨ᠎ᠡ ᠬᠤᠰᠢᠭᠤᠨ ᠤ ᠰᠤᠶᠤᠯ ᠳᠡᠦᠭᠡ ᠶᠢᠨ ᠮᠠᠲ᠋ᠸᠷᠢᠶᠠᠯ (ᠬᠤᠶᠠᠷ)》 ᠤᠨ P 122 ᠳ᠋ᠤ
③ 《ᠴᠢᠩ ᠣᠯᠤᠰ ᠤᠨ ᠨᠠᠢ᠌ᠷᠠᠯᠳᠤ ᠲᠦᠪ ᠬᠠᠭᠠᠨ ᠡᠴᠡ ᠳᠤᠷᠭᠤᠳ ᠤᠨ ᠬᠠᠭᠠᠨ ᠴᠠᠷᠠᠨ ᠳᠤᠠᠳᠤᠭ ᠬᠠᠭᠠᠨ ᠳᠤ ᠦᠭᠭᠦᠭ᠍ᠰᠡᠨ ᠪᠢᠴᠢᠭ᠌》᠂ ᠪᠠᠳᠠᠢ ᠨᠡᠷ ᠤᠨ 《ᠣᠢ᠌ᠷᠠᠤᠨ ᠳᠡᠦᠭᠡ ᠶᠢᠨ ᠳᠤᠷᠠᠰᠬᠠᠯ ᠤᠳ》 ᠤᠨ P 458 ᠳᠤ
④ 《ᠴᠢᠩ ᠣᠯᠤᠰ ᠤᠨ ᠡᠩᠭᠡ ᠠᠮᠤᠭᠤᠯᠠᠩ ᠬᠠᠭᠠᠨ ᠡᠴᠡ ᠳᠤᠷᠭᠤᠳ ᠤᠨ ᠠᠶᠤᠭᠢ ᠬᠠᠭᠠᠨ ᠳᠤ ᠦᠭᠭᠦᠭ᠍ᠰᠡᠨ ᠪᠢᠴᠢᠭ᠌》᠂ ᠪᠠᠳᠠᠢ ᠨᠡᠷ ᠤᠨ 《ᠣᠢ᠌ᠷᠠᠤᠨ ᠳᠡᠦᠭᠡ ᠶᠢᠨ ᠳᠤᠷᠰᠬᠠᠯ》 ᠤᠨ P 453 ᠳ᠋ᠤ
⑤ ᠵᠠᠩ ᠮᠤ᠄ 《ᠮᠤᠩᠭ᠋ᠤᠯ ᠬᠤᠰᠢᠭᠤ ᠨᠤᠳᠤᠭ ᠤᠨ ᠳᠡᠮᠳᠡᠭᠯᠡᠯ》 (ᠳᠤᠤᠷᠠᠳᠤ ᠳᠠᠪᠳᠠᠷ) P 226 ᠳᠤ
⑥ᠰᠦᠷ ᠤᠨ ᠭᠤᠤᠯ ᠊᠊᠊᠊᠊᠊᠊᠊᠊᠊᠊᠊᠊᠊᠊ ᠴᠠᠰᠤᠳᠤ ᠭᠡᠮᠡᠨ ᠴᠢ ᠯᠢᠶᠠᠨ ᠱᠠᠨ ᠠᠭᠤᠯᠠ ᠶᠢᠨ ᠬᠣᠢ᠌ᠳᠤ ᠥᠯᠦᠭᠡᠨ ᠳᠤ ᠪᠠᠢ᠌ᠭ᠎ᠠ ᠪᠠᠷᠰ ᠤᠨ ᠳᠠᠪᠠᠭ᠎ᠠ ᠭᠡᠭ᠍ᠴᠢ ᠶᠢᠨ ᠬᠣᠢ᠌ᠳᠤ ᠪᠠᠶ᠎ᠠ ᠡᠴᠡ ᠡᠭᠢ ᠠᠪᠣᠭᠰᠠᠨ ᠭᠤᠤᠯ ᠢ ᠰᠦᠷ ᠤᠨ ᠭᠤᠤᠯ ᠭᠡᠭᠦ ᠪᠦᠭᠡᠳ ᠳᠤᠰ ᠭᠤᠤᠯ ᠳᠤᠤᠷᠠᠳᠤ ᠣᠷᠤᠰᠬᠠᠯ ᠤᠨ ᠭᠠᠵᠠᠷ ᠢ ᠪᠠᠰᠠ ᠪᠣᠯᠤᠩᠭᠢᠷ ᠭᠤᠤᠯ ᠭᠡᠳᠡᠭ᠌᠃ ᠡᠨᠡ ᠭᠤᠤᠯ ᠤᠨ ᠣᠰᠤ ᠳᠤᠬᠠᠢ ᠶᠢᠨ ᠦᠶ᠎ᠡ ᠳᠤ ᠬᠠᠷ᠎ᠠ ᠨᠠᠭᠤᠷ ᠲᠤ ᠴᠢᠤᠠᠬᠤᠳᠠᠭ ᠪᠠᠢ᠌ᠵᠠᠢ᠃ ᠡᠨᠡ ᠬᠠᠷ᠎ᠠ ᠨᠠᠭᠤᠷ ᠠᠯᠢ ᠭᠡᠳᠥᠢ᠌ᠨ ᠰᠢᠷᠭᠢᠵᠡᠢ᠃ ᠳᠠᠤᠯᠠᠢ ᠭᠤᠤᠯ ᠊᠊᠊᠊᠊᠊᠊᠊᠊᠊᠊᠊᠊᠊᠊ ᠳᠤᠰ ᠭᠤᠤᠯ ᠪᠠᠷᠰ ᠤᠨ ᠳᠠᠪᠠᠭ᠎ᠠ ᠶᠢᠨ ᠡᠮᠦᠨ᠎ᠡ ᠥᠯᠦᠭᠡᠨ ᠡᠴᠡ ᠡᠭᠢ ᠠᠪᠣᠭᠰᠠᠨ ᠪᠦᠭᠡᠳ ᠡᠵᠡᠨ᠎ᠡ ᠭᠤᠤᠯ ᠲᠡᠶ ᠨᠡᠢ᠌ᠯᠡᠭᠦ ᠭᠡᠰᠡᠭ᠌ ᠢ ᠭᠢᠳᠠᠤᠨ ᠶᠢᠡᠷ ᠪᠠᠰᠠ ᠳᠢᠶᠠᠨ ᠽᠠᠩ ᠾᠧ ᠭᠡᠳᠡᠭ᠌ ᠪᠠᠢ᠌ᠵᠠᠢ᠃
⑦ ᠭᠠᠰ ᠤᠨ ᠠᠮᠠ ᠊᠊᠊᠊᠊᠊᠊᠊᠊᠊᠊᠊᠊᠊᠊ ᠣᠳᠤ ᠶᠢᠨ ᠬᠦᠬᠡᠨᠠᠭᠤᠷ ᠮᠤᠵᠢ ᠶᠢᠨ ᠬᠠᠢ᠌ᠰᠢ ᠮᠤᠩᠭ᠋ᠤᠯ ᠲᠦᠪᠡᠳ ᠦᠨᠳᠦᠰᠦᠳᠠᠨ ᠤ ᠥᠪᠠᠷᠳᠡᠭᠡᠨ ᠵᠠᠰᠠᠬᠤ ᠵᠸᠤ ᠶᠢᠨ ᠪᠠᠷᠠᠭᠤᠨ ᠵᠠᠬ᠎ᠠ ᠪᠣᠯᠬᠤ ᠴᠤᠬᠤᠷ ᠪᠦᠭᠡᠷᠡᠭ᠌ (ᠭᠢᠳᠠᠤᠨ ᠶᠢᠡᠷ ᠣᠳᠤ 茫崖 ᠪᠣᠶᠤ 花土沟 ᠭᠡᠭᠦ) ᠶᠢᠨ ᠪᠠᠷᠠᠭᠤᠠᠳᠠᠢ ᠵᠠᠭᠤᠭᠠᠤᠨ ᠺᠢᠯᠤᠮᠸᠲ᠋ᠷ ᠲᠤ ᠪᠠᠢ᠌ᠭ᠎ᠠ ᠭᠠᠰ ᠨᠠᠭᠤᠷ ᠤᠨ ᠣᠷᠴᠢᠮ ᠤᠨ ᠠᠭᠤᠯᠠ ᠶᠢᠨ ᠠᠮᠠ ᠶᠢ ᠵᠢᠭᠠᠵᠤ ᠪᠣᠢ᠃
⑧ ᠳᠠᠢ᠌ᠴᠢᠩ ᠭᠦᠷᠤᠨ ᠤ《ᠠᠷᠤ ᠭᠤᠪᠢ ᠶᠢᠨ ᠪᠣᠳᠤᠯᠭ᠎ᠠ ᠶᠢᠨ ᠪᠢᠴᠢᠭ᠌》 ᠤᠨ ᠳᠦᠴᠢᠨ ᠵᠢᠷᠭᠤᠳᠤᠭᠠᠷ ᠪᠣᠳᠢ ᠳᠤ᠃
⑨ ᠨᠠᠮᠰᠠᠷᠠᠢ᠄ 《ᠳᠠᠢ᠌ᠴᠢᠩ ᠣᠯᠤᠰ ᠤᠨ ᠦᠶ᠎ᠡ ᠶᠢᠨ ᠮᠤᠩᠭ᠋ᠤᠯ ᠳᠡᠦᠭᠡ》 ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ ᠬᠠᠢ᠌ᠯᠠᠷ᠂ 1993 ᠣᠨ ᠳᠤ P 176 ᠳ᠋ᠤ
⑩ ⑾ ᠪᠣᠷᠵᠢᠭᠢᠨ ᠮᠥᠩᠭᠡᠳᠡᠯᠡᠢ ᠶᠢᠨ ᠬᠠᠷᠠᠭᠤᠯᠤᠭᠰᠠᠨ 《ᠵᠠᠷᠯᠢᠭ ᠶᠢᠡᠷ ᠳᠤᠭᠳᠠᠭᠠᠭᠰᠠᠨ ᠭᠠᠳᠠᠭᠠᠳᠤ ᠮᠤᠩᠭ᠋ᠤᠯ ᠬᠤᠲᠤᠩ ᠠᠢ᠌ᠮᠠᠭ ᠤᠨ ᠸᠠᠩ ᠭᠦᠩ ᠤᠳ ᠤᠨ ᠢᠯᠡᠳᠭᠡᠯ ᠱᠠᠰᠳᠢᠷ》 (ᠳᠤᠤᠷᠠᠳᠤ) P 332 ᠳ᠋ᠤ
⑿ ᠵᠠᠩ ᠮᠤ᠄ 《ᠮᠤᠩᠭ᠋ᠤᠯ ᠬᠤᠰᠢᠭᠤ ᠨᠤᠳᠤᠭ ᠤᠨ ᠳᠡᠮᠳᠡᠭᠯᠡᠯ》 (ᠳᠤᠤᠷᠠᠳᠤ ᠳᠠᠪᠳᠠᠷ) P 330 ᠳ᠋ᠤ
⒀ ᠵᠠᠩ ᠮᠤ᠄ 《ᠮᠤᠩᠭ᠋ᠤᠯ ᠬᠤᠰᠢᠭᠤ ᠨᠤᠳᠤᠭ ᠤᠨ ᠳᠡᠮᠳᠡᠭᠯᠡᠯ》 (ᠳᠤᠤᠷᠠᠳᠤ ᠳᠠᠪᠳᠠᠷ) P 230 ᠳ᠋ᠤ
⒁ ᠨᠠᠮᠰᠠᠷᠠᠢ᠄ 《ᠵᠦᠩᠭ᠋ᠠᠷ ᠬᠠᠭᠠᠠᠳᠤ ᠣᠯᠤᠰ ᠤᠨ ᠳᠡᠦᠭᠡ》 ᠶᠢᠨ P 232 ᠳ᠋ᠤ
⒂ ᠨᠠᠮᠰᠠᠷᠠᠢ᠄ 《ᠵᠦᠩᠭ᠋ᠠᠷ ᠬᠠᠭᠠᠠᠳᠤ ᠣᠯᠤᠰ ᠤᠨ ᠳᠡᠦᠭᠡ》 ᠶᠢᠨ P 239-240 ᠳ᠋ᠤ
⒃ ⒄ ᠡ᠊·ᠭᠠᠯᠰᠠᠩᠫᠣᠩᠰᠤᠭ᠄ 《ᠡᠵᠡᠨ᠎ᠡ ᠳᠤᠷᠭᠤᠳ ᠨᠤᠶᠠᠨ ᠤ ᠳᠠᠭᠢᠯᠭᠠᠨ ᠭᠢᠭᠡᠳ ᠬᠤᠯᠪᠣᠭᠳᠠᠬᠤ ᠵᠠᠷᠢᠮ ᠳᠡᠦᠭᠡ ᠶᠢᠨ ᠠᠰᠠᠭᠤᠳᠠᠯ》᠂ 《ᠣᠢ᠌ᠷᠠᠤᠨ ᠮᠤᠩᠭ᠋ᠤᠯ ᠤᠨ ᠳᠡᠦᠭᠡ ᠰᠤᠶᠤᠯ ᠤᠨ ᠰᠤᠳᠤᠯᠤᠯ》᠂ ᠦᠨᠳᠦᠰᠦᠳᠠᠨ ᠤ ᠭᠡᠪᠯᠡᠯ ᠤᠨ ᠬᠤᠷᠢᠶ᠎ᠠ᠂ ᠪᠠᠭᠡᠵᠢᠩ᠂ 2007 ᠣᠨ᠂ P 285 ᠳ᠋ᠤ
⒅ ᠵᠠᠩ ᠮᠤ᠄ 《ᠮᠤᠩᠭ᠋ᠤᠯ ᠬᠤᠰᠢᠭᠤ ᠨᠤᠳᠤᠭ ᠤᠨ ᠳᠡᠮᠳᠡᠭᠯᠡᠯ》 (ᠳᠤᠤᠷᠠᠳᠤ ᠳᠠᠪᠳᠠᠷ) P 230-242 ᠳ᠋ᠤ
ᠵᠤᠬᠢᠶᠠᠭᠴᠢ᠄ ᠪᠣᠷᠵᠢᠭᠢᠳ ᠳ᠋ᠤᠷᠭᠢ(博都眉亍さ蓝格)
ᠵᠤᠬᠢᠶᠠᠭᠴᠢ ᠶᠢᠨ ᠨᠠᠮᠳᠠᠷ᠄ ᠴᠣᠢ᠌ᠳᠠᠠᠳᠠᠷ ᠭᠤᠸᠠᠢ ᠶᠢᠨ ᠨᠠᠢ᠌ᠷᠠᠭᠤᠯᠤᠭᠰᠠᠨ 《ᠣᠢ᠌ᠷᠠᠤᠨ ᠮᠤᠩᠭ᠋ᠤᠯ ᠤᠨ ᠳᠡᠦᠭᠡ ᠰᠤᠶᠤᠯ ᠤᠨ ᠰᠤᠳᠤᠯᠤᠯ》 ᠭᠡᠭᠦ ᠨᠤᠮ ᠤᠨ p 62 ᠲᠤ ᠦᠵᠡ᠃
ᠵᠤᠬᠢᠶᠠᠭᠴᠢ ᠶᠢᠨ ᠬᠠᠶᠢᠭ᠄ ᠬᠦᠬᠡᠬᠤᠲᠠ ᠶᠢᠨ ᠰᠠᠢ᠌ᠬᠠᠨ ᠳᠤᠭᠤᠷᠢᠭ ᠤᠨ ᠰᠢᠯᠢᠨ ᠭᠤᠤᠯ ᠡᠮᠦᠨ᠎ᠡ ᠵᠠᠮ ᠤᠨ ᠱᠢᠴᠢ ᠴᠡᠴᠡᠷᠯᠢᠭ᠌ ᠤᠨ ᠬᠣᠢ᠌ᠳᠤ ᠭᠤᠳᠤᠮᠵᠢ ᠶᠢᠨ ᠾᠧ ᠰᠢᠨ ᠶᠤᠸᠠᠨ ᠤ 3662 ᠰᠢᠤᠳᠠᠨ ᠬᠠᠢ᠌ᠷᠴᠠᠭ
ᠵᠤᠬᠢᠶᠠᠭᠴᠢ᠄ ᠪᠣᠷᠵᠢᠭᠢᠳ ᠳ᠋ᠤᠷᠭᠢ
ᠢᠷᠡᠯᠲᠡ᠄ ᠥᠭᠡᠯᠡᠳ ᠭᠠᠯᠳᠠᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠮᠤᠩᠭᠤᠯ ᠲᠡᠦᠬᠡᠳᠠᠷᠤᠮ᠄ 7534
ᠴᠠᠭ᠄ 2009 ᠤᠨ ᠤ 12 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ