ᠨᠡᠪᠲᠡᠷᠡᠨ ᠤᠷᠤᠬᠤ
ᠳᠡᠷᠭᠡᠯᠰᠢᠭᠡᠳᠦᠢ ᠰᠠᠷᠠ

ᠰᠢᠷᠦᠭᠦᠨ ᠪᠣᠷᠤᠭᠠᠨ ᠵᠤᠭᠰᠤᠪᠠ᠃ ᠪᠠᠴᠢᠮᠳᠠᠭᠰᠠᠨ ᠵᠢᠷᠦᠭᠡ ᠪᠣᠯᠭᠢᠯᠠᠬᠤ ᠪᠠᠨ ᠨᠠᠮᠳᠠᠪᠠ᠃ ᠳᠡᠮᠡᠤᠯᠡᠭ᠍ᠰᠡᠨ ᠬᠤᠶᠠᠷ ᠤᠨ ᠪᠣᠯᠵᠤᠭ᠎ᠠ ᠶᠢ ᠮᠡᠳᠡᠭ᠍ᠰᠡᠨ ᠰᠢᠭ᠌ ᠳᠡᠭ᠍ᠷᠢ ᠶᠢᠨ ᠡᠭᠦᠯᠡᠰ ᠶᠠᠭᠠᠷᠠᠤ ᠠᠷᠢᠯᠤᠨ᠎ᠠ᠃ ᠴᠢᠨᠤᠭᠢ ᠪᠠᠨ ᠡᠮᠤᠨ᠎ᠡ ᠪᠣᠳᠠ ᠪᠣᠷᠤᠯᠵᠢ᠂ ᠡᠷᠡᠮ᠎ᠡ ᠰᠢᠷᠠᠯᠵᠢ ᠳᠤᠮᠳᠠᠭᠤᠷ ᠰᠢᠷᠭᠤᠯᠠᠨ ᠪᠣᠷᠤᠭᠠᠨ ᠤ ᠣᠰᠤᠨ ᠳᠤ ᠨᠤᠷᠤᠭᠳᠠᠨ ᠵᠢᠭᠡᠭᠦᠰᠭᠦ ᠳᠤᠷᠠᠳᠠᠢ᠂ ᠣᠷᠮᠠᠳᠠᠢ᠃ ᠨᠠᠮᠬᠠᠨ ᠳᠤᠪᠣᠴᠠᠭ ᠳᠡᠭᠡᠷ᠎ᠡ ᠴᠤᠪᠠ ᠪᠠᠨ ᠳᠠᠪᠢᠰᠤᠨ ᠰᠠᠭᠤᠪᠠ᠃ ᠬᠠᠶᠠ ᠨᠥᠭᠡᠯᠭᠦ ᠰᠠᠯᠭᠢ ᠴᠡᠭᠡᠵᠢ ᠶᠢ ᠣᠩᠭ᠋ᠣᠢ᠌ᠯᠭᠠᠨ᠎ᠠ᠃ ᠰᠠᠷᠠᠨ ᠤ ᠰᠢᠩᠭᠡᠨ ᠭᠡᠷᠡᠯ ᠡᠭᠡ ᠭᠠᠵᠠᠷ ᠲᠤ ᠠᠰᠬᠠᠭᠳᠠᠵᠤ᠂ ᠰᠡᠢ᠌ᠮᠡᠭᠡᠢ ᠭᠦᠰᠢᠭᠡ ᠰᠢᠭ᠌ ᠣᠨᠢᠶᠠᠷ ᠭᠦᠳᠡᠩ ᠤᠨ ᠴᠠᠭᠠᠨ᠎ᠠ ᠠᠭᠤᠯᠠᠰ ᠤᠨ ᠪᠠᠷ᠎ᠠ ᠪᠦᠷᠳᠦᠯᠵᠡᠨ᠎ᠡ᠃ ᠡᠭᠡ ᠪᠠᠢ᠌ᠭᠠᠯᠢ ᠭᠡᠵᠤ ᠡᠢ᠌ᠮᠤ ᠯᠠ ᠰᠠᠢ᠌ᠬᠠᠨ ᠠᠵᠠᠢ ︕ ᠡᠭᠦᠨ ᠤ ᠳᠤᠳᠤᠷ᠎ᠠ ᠢᠨᠠᠭ ᠬᠤᠩᠭ᠋ᠤᠷ ᠲᠡᠶ ᠪᠠᠨ ᠬᠠᠮᠳᠤ ᠪᠠᠢ᠌ᠯᠴᠠᠬᠤ ᠭᠡᠭ᠍ᠴᠢ ᠶᠤᠰᠤᠳᠠᠢ ᠵᠢᠷᠭᠠᠯ ᠪᠠᠢ᠌ᠵᠠᠢ᠃ ᠰᠠᠨᠠᠭ᠎ᠠ ᠰᠡᠳᠭᠢᠯ ᠭᠦᠭ᠍ᠵᠢᠭᠦᠨ ᠪᠣᠯᠵᠤ ᠢᠷᠡᠭᠦ ᠪᠠᠷ ᠶᠠᠭᠤ ᠪᠦᠭᠦᠨ ᠳᠠᠪᠠᠳᠠᠢ ᠰᠠᠨᠠᠭᠳᠠᠬᠤ ᠶᠢ ᠶᠠᠭᠠᠭᠢᠶ᠎ᠠ ︕

ᠭᠤᠤᠯ ᠤᠨ ᠣᠰᠤ ᠠᠶᠠᠷ ᠣᠷᠤᠰᠤᠨ ᠮᠢᠷᠠᠯᠵᠠᠬᠤ ᠳᠤ ᠰᠠᠷᠠᠨ ᠤ ᠭᠡᠷᠡᠯ ᠳᠤ ᠣᠰᠤᠨ ᠤ ᠠᠷ᠂ ᠳᠡᠭ᠍ᠷᠢ ᠶᠢᠨ ᠣᠳᠤ ᠰᠢᠭ ᠭᠢᠯᠪᠠᠨ᠎ᠠ᠃

《ᠪᠢᠯᠢᠭ᠌ ᠤᠨ ᠣᠯᠠᠷᠢᠯ ᠤᠨ ᠳᠤᠯᠤᠭᠠᠨ ᠰᠠᠷ᠎ᠠ ᠶᠢᠨ ᠳᠤᠯᠤᠭᠠᠨ ᠳᠤ ᠳᠡᠭ᠍ᠷᠢ ᠳᠡᠭᠡᠷ᠎ᠡ ᠥᠭᠡᠷᠴᠢᠨ ᠭᠦᠤ᠂ ᠨᠡᠭᠡᠮᠡᠯᠴᠢᠨ ᠭᠡᠦᠭᠡᠨ ᠬᠤᠶᠠᠭᠤᠯᠠ ᠠᠭᠤᠯᠵᠠᠵᠤ ᠣᠴᠠᠷᠠᠬᠤ ᠭᠡᠳ ᠶᠠᠭᠠᠷᠠᠤ᠃》 ᠪᠢ ᠥᠭᠡ ᠡᠭᠦᠰᠭᠡᠪᠡ᠃

《ᠠᠷᠭ᠎ᠠ ᠶᠢᠨ ᠣᠯᠠᠷᠢᠯ ᠤᠨ ᠳᠤᠯᠤᠭᠠᠨ ᠰᠠᠷ᠎ᠠ ᠶᠢᠨ ᠳᠤᠯᠤᠭᠠᠨ ᠳᠤ᠂ ᠣᠯᠠᠭᠠᠨ ᠳᠤᠭᠤᠰᠤᠨ ᠳᠤ ᠪᠢᠳᠠ ᠣᠯᠤᠰ ᠤᠨ ᠰᠢᠯᠭᠠᠯᠳᠠ ᠳᠤ ᠣᠷᠤᠯᠴᠠᠭᠠᠤᠨ ᠶᠠᠭᠠᠷᠠᠤ᠃》 ᠴᠢ ᠠᠮᠠ ᠨᠡᠭᠡᠭᠡᠪᠡ᠃

《ᠶᠠᠭᠠᠷᠠᠤ ᠶᠠᠭᠠᠷᠠᠤ ᠭᠡᠳ ᠯᠠ ᠴᠢ ᠶᠠᠮᠠᠷ ᠵᠡᠷᠭᠡ ᠰᠢᠯᠭᠠᠭᠤᠯᠪᠠ ᠳ᠋ᠠ ︖》 ᠭᠡᠵᠤ ᠪᠢ ᠣᠴᠠᠷᠠᠵᠤ ᠪᠣᠯᠵᠤᠭᠰᠠᠨ ᠤ ᠣᠴᠢᠷ ᠰᠢᠯᠳᠠᠭᠠᠨ ᠰᠢᠭ ᠶᠢᠡᠷ ᠠᠰᠠᠭᠤᠪᠠ᠃ 《ᠬᠤᠪᠢ ᠵᠠᠶᠠᠭᠠᠨ ᠤ ᠡ᠊ᠨᠳᠡᠭᠦᠷᠡᠯ ᠭᠠᠷᠬᠤ ᠦᠭᠡᠶ ᠪᠣᠯ ᠁》 ᠭᠡᠵᠤ ᠬᠠᠷᠢᠭᠤᠯᠳᠠ ᠦᠭ‍ᠭᠦᠭ᠍ᠰᠡᠨ ᠴᠢ 《ᠴᠢᠮ᠎ᠠ ᠡᠴᠠ ᠰᠠᠢ᠌ᠨ ᠰᠢᠯᠭᠠᠵᠤ ᠰᠢᠤ᠃》 ᠭᠡᠰᠡᠨ ᠶᠢᠡᠨ ᠭᠡᠯᠡᠭ᠍ᠰᠡᠨ ᠦᠭᠡᠶ ᠴᠤ ᠪᠠᠰᠤᠮᠵᠢᠯᠠᠭᠰᠠᠨ ᠬᠠᠷᠠᠴᠠ ᠪᠠᠷ ᠶᠢᠡᠨ ᠮᠡᠳᠡᠭ᠍ᠳᠡᠵᠤ ᠪᠠᠢ᠌ᠯ᠎ᠠ᠃

《ᠳᠤᠭᠠᠨ ᠤ ᠰᠢᠯᠭᠠᠯᠳᠠ ᠶᠢᠨ ᠰᠡᠭᠦᠯ ᠤᠨ ᠰᠠᠳᠤᠪ ᠯᠠ ᠳᠤᠯᠤᠭᠠᠢ ᠡᠪᠠᠦᠡᠭᠡᠭ᠍ᠰᠡᠨ ᠭᠡᠵᠢ ᠳ᠋ᠠ ︕》 ᠭᠡᠵᠤ ᠭᠡᠯᠡᠭᠦ ᠶᠢᠨ ᠳᠠᠭᠠᠤ ᠰᠢᠯᠭᠠᠯᠳᠠ ᠶᠢᠨ ᠳᠤᠬᠠᠢ ᠶᠠᠷᠢᠯᠴᠠᠬᠤ ᠴᠤ ᠨᠢᠭᠡ ᠶᠤᠰᠤᠨ ᠤ ᠵᠢᠷᠭᠠᠯ ᠳ᠋ᠠ ︕ ᠭᠡᠵᠤ ᠪᠣᠳᠤᠵᠤ ᠠᠮᠵᠢᠪᠠ ᠪᠢ᠃

《ᠶᠠᠭ ᠴᠢᠳᠠᠬᠤ ᠦᠭᠡᠶ ᠴᠤ ᠢᠯᠡᠭᠦᠤ ᠰᠠᠳᠭᠢᠨ᠎ᠡ ᠪᠠ ᠳ᠋ᠠ ︕ ᠶᠠᠭᠠᠷᠠᠵᠤ ᠳᠤᠰᠢᠶᠠᠭᠠᠤᠨ ᠶᠠᠭᠤ ᠪᠦᠳᠤᠨ᠎ᠡ ︕》 ᠴᠢᠨᠤ ᠳᠠᠢ᠌ᠤᠠᠬᠤᠷᠠᠭᠤᠯᠤᠯ᠃

《ᠦᠪᠡᠷ ᠤᠨ ᠭᠢ ᠪᠠᠨ ᠬᠠᠷᠢᠭᠤᠯᠬᠤ ᠦᠭᠡᠶ᠂ ᠦᠷᠦᠭᠡᠯ ᠢ ᠬᠠᠷᠠᠭᠤᠯᠳᠠᠳᠠᠭ ᠮᠠᠭᠤ ᠵᠤᠯᠢᠭ ᠪᠠᠢ᠌ᠵᠠᠢ ᠴᠢ ︕》 ᠮᠢᠨᠤ ᠱᠤᠤᠯᠠᠯ᠃

《ᠬᠠᠮᠢᠭ᠎ᠠ ᠡᠴᠠ ᠳ᠋ᠠ ︕ ᠬᠠᠷ᠎ᠠ ᠰᠠᠯᠭᠢ ᠳᠡᠭ᠍ᠳᠡᠭᠡᠳ ᠬᠠᠮᠤᠵᠤ ᠭᠡᠢ᠌ᠰᠭᠡᠭᠦ ᠭᠡᠳ ᠪᠠᠢ᠌ᠬᠤᠯᠠᠷ ᠨᠢ ᠴᠤᠩᠬᠤ ᠬᠠᠭᠠᠬᠤ ᠳᠤ ᠪᠠᠨ ᠪᠢ ᠬᠠᠷᠠᠭᠰᠠᠨ ᠡᠴᠠ ᠪᠢᠰᠢ ᠁》 ᠴᠢᠨᠤ ᠴᠠᠭᠠᠪᠣᠷᠢᠯᠠᠯ᠂ ᠬᠠᠮᠤᠭ ᠣᠯᠠᠨ ᠢ ᠪᠣᠳᠤᠵᠤ ᠰᠢᠤ ᠭᠡᠰᠡᠨ ᠰᠠᠨᠠᠭ᠎ᠠ᠃

ᠬᠠᠷᠭᠤᠭᠤᠯᠵᠤ ᠬᠠᠷᠭᠤᠭᠤᠯᠵᠤ ᠶᠠᠷᠢᠯᠴᠠᠬᠤᠯᠠᠷ ᠬᠠᠨᠤᠮᠵᠢᠳᠠᠢ ᠰᠢᠭ ᠬᠠᠷᠢᠭᠤᠯᠤᠭᠰᠠᠨ ᠪᠣᠯᠬᠤᠷ ᠪᠣᠳᠠᠳᠤ ᠠᠬᠤᠢ ᠡᠴᠠ ᠰᠢᠯᠵᠢᠵᠤ ᠷᠤᠮᠠᠠᠲ᠋ᠢᠭ ᠠᠶᠠᠰ ᠶᠢᠡᠨ ᠴᠢᠪᠠᠬᠠᠳᠠᠪᠠ᠃ ᠪᠣᠳᠤᠯ ᠪᠣᠳᠤᠯ ᠳᠤ ᠪᠠᠨ ᠰᠢᠳᠠᠨ ᠠᠯᠤᠰ ᠢ ᠪᠠᠷᠠᠯᠠᠨ ᠠᠳᠠᠪᠠᠰᠢ ᠦᠵᠡᠮᠵᠢ ᠳᠤ ᠰᠤᠭᠳᠤᠭᠤᠷᠠᠯ᠎ᠠ᠃ ᠵᠠᠪᠠᠳᠤ ᠶᠢᠨ ᠴᠠᠭᠠᠨ ᠰᠠᠷᠠᠨ ᠤ ᠭᠡᠷᠡᠯ ᠳᠤ ᠴᠠᠢ᠌ᠷᠠᠨ ᠬᠠᠷᠠᠭᠳᠠᠨ᠎ᠠ᠃ ᠠᠷᠪᠠᠨ ᠭᠤᠷᠪᠠᠨ ᠣᠪᠣᠭ᠎ᠠ ᠬᠠᠵᠠᠭᠤ ᠳᠤ ᠨᠢ ᠳᠦᠩᠭᠦᠢᠨ᠎ᠡ᠃ ᠠᠷᠤ ᠳᠤ ᠨᠢ ᠪᠣᠳᠢ ᠶᠢᠨ ᠠᠭᠤᠯᠠ ᠪᠣᠷᠬᠠᠨ ᠤ ᠰᠠᠭᠤᠳᠠᠯ ᠶᠢᠡᠷ ᠰᠠᠭᠤᠷᠢᠰᠢᠨ ᠰᠡᠭᠦᠢᠵᠤ᠂ ᠠᠷᠠᠢ ᠳᠠᠮᠠᠢ ᠬᠤᠯᠠ ᠦᠭᠡᠶ ᠣᠷᠤᠨ ᠤ ᠠᠭᠤᠯᠠ ᠣᠭᠳᠤ ᠭᠦᠳᠡᠯᠭᠦ ᠦᠭᠡᠶ ᠭᠡᠰᠡᠨ ᠪᠠᠢ᠌ᠷᠢᠳᠠᠢ ᠰᠥᠭᠯᠡᠢ᠌ᠨ᠎ᠡ᠃

《ᠬᠤᠶᠠᠷ ᠠᠭᠤᠯᠠ ᠭᠡᠳᠤᠢ ᠤᠢ᠌ᠷ᠎ᠡ ᠴᠤ ᠣᠯᠵᠤ ᠣᠴᠠᠷᠠᠳᠠᠭ ᠦᠭᠡᠶ ᠡ ︕》 ᠪᠢ ᠮᠡᠷᠭᠡᠯᠡᠪᠡ᠃

《ᠬᠤᠭᠤᠷᠤᠠᠳᠤᠭᠢ ᠵᠠᠢ ᠨᠢ ᠤᠢ᠌ᠷ᠎ᠡ ᠪᠣᠯ ᠨᠢᠭᠡ ᠶᠢ ᠪᠠᠨ ᠬᠠᠷᠠᠵᠤ ᠮᠥᠩᠭᠡᠷᠡᠴᠢᠭᠡᠭ᠍ᠰᠡᠨ ᠴᠤ ᠶᠠᠭᠠᠭᠢᠮᠠᠢ ︕》 ᠴᠢ ᠨᠠᠮ᠎ᠠ ᠶᠢ ᠨᠠᠯᠠᠪᠠ᠃

《ᠭᠤᠤᠯ ᠤᠨ ᠣᠰᠤ ᠬᠠᠳᠠᠰᠢ ᠦᠭᠡᠶ᠂ ᠮᠦᠷᠠᠨ ᠳᠤ ᠴᠢᠳᠬᠤᠨ᠂ ᠳᠠᠩᠭᠢᠰ ᠲᠤ ᠣᠷᠤᠰᠤᠨ᠂ ᠳᠠᠯᠠᠢ ᠳᠤ ᠨᠠᠢ᠌ᠯᠠᠨ᠎ᠡ᠃》 ᠪᠠᠢ᠌ᠭᠠᠯᠢ ᠶᠢᠨ ᠭᠠᠢ᠌ᠬᠠᠮᠰᠢᠭ ᠢ ᠪᠢ ᠪᠠᠬᠠᠳᠤᠪᠠ᠃

《ᠰᠤᠷᠬᠤ ᠨᠠᠰᠤ ᠭᠢᠵᠠᠭᠠᠷ ᠦᠭᠡᠶ᠂ ᠣᠶᠤᠳᠠᠨ ᠪᠣᠯᠤᠨ᠎ᠠ᠂ ᠠᠰᠫᠢᠷᠠᠠᠲ᠋ ᠰᠢᠯᠭᠠᠭᠤᠯᠤᠨ᠎ᠠ᠂ ᠡᠷᠳᠡᠮᠳᠡᠨ ᠪᠣᠯᠤᠨ᠎ᠠ᠃》 ᠭᠦᠮᠤᠨ ᠤ ᠵᠤᠷᠢᠭ ᠲᠤ ᠴᠢ ᠣᠷᠮᠠᠰᠢᠪᠠ᠃

《ᠴᠢ ᠪᠣᠯ ᠠᠯᠢᠶ᠎ᠠ ᠶᠢᠨ ᠭᠤᠤᠯ᠂ ᠪᠢ ᠪᠣᠯ ᠳ᠋ᠠᠯᠢᠷ ᠤᠨ ᠭᠤᠤᠯ〉》 ᠭᠡᠵᠤ ᠠᠶ᠎ᠠ ᠶᠢ ᠴᠢᠨᠢ ᠳᠠᠭᠠᠭᠤᠯᠵᠤ ᠪᠢ ᠭᠡᠯᠡᠭᠦ ᠶᠢᠨ ᠳᠠᠭᠠᠤ᠂ ᠳᠠᠭᠠᠷᠠᠭᠰᠠᠨ ᠡᠴᠠ ᠪᠣᠯᠪᠠᠤ᠂ ᠳᠤᠭᠳᠤᠯᠤᠭᠰᠠᠨ ᠡᠴᠠ ᠪᠣᠯᠪᠠᠤ ᠴᠠᠴᠠᠷᠭᠢᠯᠠᠨ ᠪᠠᠢ᠌ᠭ᠎ᠠ ᠴᠢᠨᠤ ᠳᠡᠭᠡᠷ᠎ᠡ᠂ ᠳᠠᠪᠬᠤᠷᠯᠠᠨ ᠡᠮᠦᠰᠦᠭ᠍ᠰᠡᠨ ᠬᠤᠪᠴᠠᠰᠤ ᠪᠠᠨ ᠳᠠᠢ᠌ᠯᠤᠨ ᠨᠥᠮᠦᠷᠭᠡᠪᠡ᠃

《ᠬᠤᠶᠠᠷ ᠭᠤᠤᠯ ᠴᠠᠭᠠᠨ ᠣᠪᠣᠭ᠎ᠠ ᠶᠢᠨ ᠡᠮᠤᠨ᠎ᠡ ᠨᠠᠢ᠌ᠯᠠᠪᠠ᠃》 ᠭᠡᠳ ᠴᠢ᠂ ᠴᠠᠰᠢ ᠣᠷᠤᠰᠬᠠᠯ ᠨᠡᠢ᠌ᠯᠡᠭ᠍ᠰᠡᠨ ᠣᠯᠤᠮ ᠳᠠᠢ᠌ᠰᠢ ᠵᠢᠭᠠᠭᠰᠠᠨ ᠪᠢᠰᠢ᠂ ᠴᠠᠭᠠᠨ ᠰᠦᠮᠪᠤᠨ ᠬᠤᠷᠤᠭᠤ ᠪᠠᠷ ᠶᠢᠡᠨ ᠬᠤᠶᠠᠭᠤᠯᠠ ᠶᠢᠨ ᠶᠢᠡᠨ ᠭᠠᠳᠠᠭᠤᠷ ᠴᠠᠭᠠᠷᠢᠭ ᠵᠢᠷᠤᠪᠠ᠃ ᠪᠠᠴᠢᠨ ᠪᠠᠭᠰᠢ ᠶᠢᠨ ᠪᠣᠯᠤᠳ ᠪᠠᠷᠢᠶ᠎ᠠ ᠶᠢᠨ ᠳᠠᠷᠨᠢᠳᠤ ᠴᠠᠭᠠᠷᠢᠭ᠂ ᠮᠠᠭᠤ ᠰᠠᠨᠠᠭᠠᠳᠠᠨ ᠣᠷᠤᠵᠤ ᠴᠢᠳᠠᠬᠤ ᠦᠭᠡᠶ᠃ ᠢᠨᠠᠭ ᠤᠨ ᠭᠠᠯ ᠡ᠊ᠨᠳᠡ ᠡᠴᠠ ᠦᠷᠪᠢᠰᠤᠨ ᠠᠮᠢᠳᠤᠷᠠᠯ ᠢ ᠭᠦᠭ᠍ᠵᠢᠭᠡᠨ᠎ᠡ ᠪᠠᠢ᠌ᠬᠤ ᠡ ︕ ᠳᠤᠷᠠᠯᠠᠯ ᠤᠨ ᠢᠯᠴᠢᠨ ᠳᠤ ᠳᠤᠯᠠᠭᠠᠴᠠᠨ ᠳᠤᠭᠤᠢ ᠰᠠᠭᠤᠯ᠎ᠠ ᠪᠢᠳᠠ᠃ ᠨᠠᠮ ᠵᠢᠮ᠂ ᠣᠷᠴᠢᠨ ᠳᠤᠭᠤᠷᠢᠨ ᠣᠠᠴᠠ ᠶᠢᠨ ᠨᠠᠮ ᠵᠢᠮ᠃ ᠨᠠᠮᠤᠭᠤᠬᠠᠨ ᠴᠤᠭᠢᠯᠠᠬᠤ ᠵᠢᠷᠦᠭᠡᠨ ᠴᠤᠭᠢᠯᠭ᠎ᠠ ᠴᠢᠨᠢ ᠰᠤᠨᠤᠰᠳᠠᠮ᠎ᠠ ᠭᠡᠮᠡᠷ᠂ ᠨᠠᠮᠤᠷ ᠤᠨ ᠮᠡᠯᠡᠭᠡᠢ ᠶᠢᠨ ᠭᠤᠸᠠᠭᠯᠠᠬᠤ ᠳᠠᠭᠤᠨ ᠨᠠᠮ ᠵᠢᠮ ᠢ ᠡᠪᠳᠡᠭ᠍ᠰᠡᠨ ᠪᠢᠰᠢ᠂ ᠣᠭ ᠤᠨ ᠭᠢ ᠡᠴᠠ ᠪᠠᠨ ᠣᠯᠠᠮ ᠬᠠᠴᠢᠨ ᠨᠠᠮ ᠪᠣᠯᠭᠠᠪᠠ᠃ ᠡᠨᠡ ᠨᠤᠳᠤᠭ ᠤᠨ ᠡᠵᠡᠨ ᠨᠢ ᠪᠢᠳᠠ ᠬᠤᠶᠠᠭᠤᠯᠠ ᠯᠠ ᠪᠠᠢ᠌ᠵᠤ ᠡ᠊ᠨᠳᠡ ᠱᠤᠭᠤᠮᠠᠯᠯᠠᠨ ᠰᠠᠭᠤᠭᠰᠠᠨ ᠰᠢᠭ ᠰᠠᠨᠠᠭᠳᠠᠪᠠ᠃ ᠳᠤᠩᠭ᠋ᠠᠯᠠᠭ ᠪᠠᠢ᠌ᠭᠠᠯᠢ ᠶᠢᠨ ᠳᠤᠨᠤᠷᠠᠮ᠎ᠠ ᠦᠵᠡᠮᠵᠢ ᠳᠤ ᠰᠤᠭᠳᠤᠭᠤᠷᠠᠨ ᠢᠨᠠᠭ ᠭᠦᠮᠤᠨ ᠤ ᠪᠠᠨ ᠬᠠᠵᠠᠭᠤ ᠳᠤ ᠰᠡᠳᠬᠢᠯᠭᠡ ᠴᠠᠳᠬᠤᠯᠠᠩ ᠶᠢᠡᠷ ᠴᠠᠷᠴᠠᠴᠢᠬᠠᠭᠰᠠᠨ ᠴᠤ ᠶᠠᠭᠠᠭᠢᠮᠠᠢ ᠭᠡᠵᠤ ᠪᠢ ᠪᠣᠳᠤᠯ᠎ᠠ᠃

《ᠰᠠᠷᠠ ᠵᠢᠷᠭᠠᠬᠤ ᠨᠢ ᠡ ︕ ᠣᠳᠤ ᠪᠣᠴᠠᠶ᠎ᠠ〉》 ᠭᠡᠵᠤ ᠴᠢ ᠥᠡᠳᠡᠢ᠌ᠭᠦ ᠳᠤ᠄ 《ᠣᠷᠴᠢᠯᠠᠩ ᠤᠨ ᠰᠠᠷᠠ ᠵᠢᠷᠭᠠᠬᠤ ᠳᠤ ᠣᠠᠳᠤᠤ ᠬᠤᠶᠠᠷ ᠰᠠᠷᠠ ᠳᠤᠶᠠᠭᠠᠷᠠᠨ᠎ᠠ ᠳ᠋ᠠ ︕》 ᠭᠡᠵᠤ ᠳᠤᠭᠤᠯ ᠬᠠᠷ᠎ᠠ ᠨᠢᠳᠤ ᠶᠢ ᠴᠢᠨᠢ ᠣᠯᠵᠠᠷᠬᠠᠨ ᠬᠠᠷᠠᠭᠰᠠᠭᠠᠷ ᠪᠢ ᠠᠢ᠌ᠯᠠᠳᠪᠠ᠃ ᠢᠴᠢᠭ᠍ᠰᠡᠨ ᠳᠤ ᠪᠠᠨ ᠴᠢᠷᠠᠢ ᠴᠢᠨᠢ ᠵᠢᠭᠠᠬᠠᠨ ᠣᠯᠠᠢ᠌ᠭᠰᠠᠨ ᠴᠤ ᠢᠨᠢᠶᠡᠭᠦ ᠳᠤ ᠴᠢᠨᠢ ᠴᠢᠪᠠᠭᠠᠨ ᠣᠯᠠᠭᠠᠨ ᠣᠷᠤᠭᠤᠯ ᠤᠨ ᠵᠠᠪᠰᠠᠷ ᠴᠠᠭᠠᠨ ᠯᠠᠪᠠᠢ ᠶᠢᠨ ᠰᠢᠳᠤ ᠴᠠᠢ᠌ᠷᠠᠨ ᠬᠠᠷᠠᠭᠳᠠᠬᠤ ᠪᠠᠷ ᠣᠯᠢᠶᠠᠷᠬᠠᠭ ᠠᠭᠠᠰᠢ ᠶᠢ ᠴᠢᠨᠢ ᠰᠠᠨᠠᠭᠳᠠᠭᠤᠯᠬᠤ ᠣᠷᠤᠮ ᠪᠣᠯᠵᠤ ᠣᠴᠢᠷᠯᠠᠬᠤ ᠶᠢᠨ ᠬᠤᠠᠳᠠᠭ᠎ᠠ ᠳᠤᠳᠤᠷᠠᠨ᠎ᠠ᠃ ᠴᠡᠯᠡᠭᠡᠷ ᠳᠠᠯ᠎ᠠ ᠶᠢᠨ ᠴᠡᠴᠡᠭ᠌ ᠡᠴᠠ ᠴᠠᠪᠠᠷ ᠳᠦᠷᠦᠭ᠍ᠰᠡᠨ ᠴᠢᠮ᠎ᠠ ᠪᠠᠨ ᠬᠠᠷᠠᠨ ᠪᠢ ᠮᠡᠯᠡᠷᠡᠭ᠍ᠰᠡᠭᠡᠷ᠃ ᠳᠡᠭᠡᠳᠤ ᠳᠡᠭ᠍ᠷᠢ ᠳᠠᠭᠢᠨᠢ ᠴᠢᠮ᠎ᠠ ᠶᠢ ᠳᠡᠷᠭᠡᠳᠡ ᠮᠢᠨᠢ ᠪᠠᠭᠤᠯᠭᠠᠵᠤ ᠦᠭ‍ᠭᠦᠭ᠍ᠰᠡᠨ ᠪᠠᠢ᠌ᠬᠤ᠃

《ᠪᠢ ᠴᠢᠮ᠎ᠠ ᠳᠤ ᠬᠠᠢ᠌ᠷᠠᠳᠠᠢ ︕》 ᠭᠡᠵᠤ ᠭᠡᠨᠡᠳᠲᠡ ᠴᠢ ᠭᠡᠯᠡᠪᠡ᠃ ᠬᠤᠶᠠᠷ ᠴᠢᠭᠢ ᠨᠢᠯᠴᠢᠭᠢᠨᠠᠪᠠ᠂ ᠬᠤᠯᠠ ᠶᠢᠨ ᠬᠤᠯᠠ ᠳᠤ ᠭᠦᠩᠭᠢᠨᠡᠨ ᠰᠤᠨᠤᠰᠳᠠᠪᠠ᠃ ᠠᠭᠤᠯᠠᠨ ᠭᠦᠡᠳᠡᠢ ᠴᠤᠤᠷᠢᠶᠠᠳᠤᠪᠠ᠃ ᠳᠠᠯ᠎ᠠ ᠶᠢᠨ ᠴᠡᠴᠡᠭ᠌ ᠭᠠᠩᠬᠤᠪᠠ᠂ ᠭᠤᠤᠯ ᠤᠨ ᠣᠰᠤ ᠣᠷᠤᠰᠬᠤ ᠪᠠᠨ ᠪᠠᠢ᠌ᠴᠢᠬᠠᠭᠠᠤᠨ ᠠᠨᠢᠷ ᠴᠢᠮᠡᠭᠡ ᠴᠢᠩᠨᠠᠪᠠ᠃ ᠭᠦᠯᠢᠶᠡᠵᠤ ᠣᠳᠠᠭᠰᠠᠨ ᠭᠤᠷᠪᠠᠨ ᠵᠢᠯ ᠤᠨ ᠳᠤᠷᠰᠢ᠂ ᠭᠦᠰᠡᠵᠤ ᠰᠠᠨᠠᠭᠰᠠᠨ ᠭᠤᠷᠪᠠᠬᠠᠨ ᠥᠭᠡ ᠪᠠᠨ ᠰᠤᠨᠤᠰᠬᠤ ᠡᠴᠠ ᠰᠡᠳᠭᠢᠯ ᠤᠨ ᠳᠠᠷᠤᠭᠠᠰᠤ ᠭᠦᠩᠭᠡᠷᠡᠪᠡ᠃ ᠠᠯᠠᠭᠳᠠᠬᠤ ᠶᠠᠯᠠᠳᠠᠨ ᠠᠭᠤᠴᠢᠯᠠᠭᠳᠠᠭᠰᠠᠨ ᠡᠴᠠ ᠢᠯᠡᠭᠦᠤ ᠪᠠᠶᠠᠷᠯᠠᠨ ᠠᠳᠠᠷ ᠳᠠᠯ᠎ᠠ ᠶᠢ ᠡᠷᠭᠦᠳᠡᠯ᠎ᠡ ᠬᠠᠰᠭᠢᠷᠤᠶ᠎ᠠ ᠭᠡᠵᠤ ᠰᠠᠨᠠᠪᠠ᠃ ᠭᠦᠭ᠍ᠰᠡᠭ᠍ᠰᠡᠨ ᠰᠡᠳᠭᠢᠯ ᠶᠢᠡᠨ ᠳᠠᠷᠤᠵᠤ ᠶᠠᠳᠠᠨ ᠭᠦᠵᠦᠭᠦᠤ ᠪᠠᠷ ᠴᠢᠨᠢ ᠳᠠᠪᠠᠷᠢᠨ ᠥᠨᠦᠰᠭᠦ ᠭᠡᠳᠡᠯ᠎ᠡ᠄ 《ᠰᠢᠯᠭᠠᠭᠰᠠᠨ ᠬᠤᠪᠢ ᠪᠠᠨ ᠪᠠᠳᠤᠳᠠᠢ ᠰᠤᠨᠤᠰᠤᠭᠠᠤᠨ ᠮᠠᠳᠠᠨ᠎ᠡ ᠪᠢᠵᠠ ᠳ᠋ᠠ ︕》 ᠭᠡᠳ ᠴᠢ ᠠᠶᠠᠷ ᠲᠦᠯᠭᠢᠪᠠ᠃ 《ᠦᠨᠦᠳᠤᠷ ᠶᠠᠮᠠᠷ ᠵᠤᠷᠢᠭ ᠦᠨᠡᠨ ᠥᠭᠡ ᠶᠢ ᠴᠢᠨᠢ ᠭᠡᠯᠡᠭᠦᠯᠪᠡ ︖》 ᠭᠡᠵᠤ ᠪᠢ ᠭᠠᠢ᠌ᠬᠠᠨ ᠠᠰᠠᠭᠤᠬᠤ ᠳᠤ᠄ 《ᠦᠨᠦᠳᠤᠷ ᠶᠠᠮᠠᠷ ᠵᠤᠷᠢᠭ ᠣᠢ᠌ᠯᠠ ᠭᠦᠳᠡᠯᠦᠯ ᠢ ᠴᠢᠨᠢ ᠵᠠᠭᠢᠷᠪᠠ ︖》 ᠭᠡᠵᠤ ᠴᠢ ᠭᠡᠳᠡᠷᠭᠦ ᠣᠬᠤᠴᠢᠯᠠᠨ᠎ᠠ᠃ 《ᠰᠢᠯᠭᠠᠭᠤᠯᠤᠭᠰᠠᠨ ᠭᠢᠷᠢ ᠭᠡᠮᠵᠢᠶ᠎ᠡ ︕》 ᠭᠡᠵᠤ ᠬᠤᠶᠠᠭᠤᠯᠠ ᠳᠠᠭᠤᠨ ᠨᠢᠭᠡᠳᠡᠢ ᠬᠠᠷᠢᠭᠤᠯᠪᠠ᠃ ᠰᠨᠠᠭ᠎ᠠ ᠵᠤᠷᠢᠯᠭ᠎ᠠ ᠨᠡᠢ᠌ᠯᠡᠭ᠍ᠰᠡᠨ ᠬᠤᠶᠠᠷ ᠤᠨ ᠭᠦᠰᠡᠯ ᠰᠡᠳᠭᠢᠯ ᠨᠢᠭᠡᠳᠳᠡᠭ᠌ ᠪᠠᠢ᠌ᠵᠠᠢ᠃ ᠡᠭᠦᠨ ᠢ ᠵᠤᠯ ᠵᠢᠷᠭᠠᠯ ᠭᠡᠭᠦ ᠦᠦ ᠳ᠋ᠠ ︕

《ᠳᠡᠭᠡᠭᠡᠳ ᠬᠤᠶᠠᠭᠤᠯᠠ ᠭᠡᠵᠢᠶ᠎ᠡ ᠬᠠᠮᠢᠭ᠎ᠠ ᠵᠤᠯᠭᠠᠨ᠎ᠠ ︖》 ᠳᠡᠪᠠᠷᠢᠭᠦ ᠭᠡᠰᠡᠨ ᠭᠠᠷ ᠶᠢᠡᠨ ᠮᠦᠷᠤᠨ ᠳᠡᠭᠡᠷ᠎ᠡ ᠨᠢ ᠳᠠᠯᠪᠢᠭᠰᠠᠭᠠᠷ ᠳᠡᠰᠭᠡᠯ ᠦᠭᠡᠶ ᠪᠢ ᠠᠰᠠᠭᠤᠪᠠ᠃ 《ᠳᠡᠷᠭᠡᠯ ᠰᠠᠷᠠ ᠲᠡᠶ ᠳᠠᠷᠠ ᠣᠷᠤᠢ᠂ ᠰᠤᠷᠭᠠᠭᠤᠯᠢ ᠶᠢᠨ ᠡᠭᠦᠳᠡᠨ ᠳᠤ》 ᠭᠡᠵᠤ ᠭᠡᠵᠢᠶᠡᠨᠡᠢ ᠪᠣᠳᠤᠨ ᠪᠡᠯᠡᠳᠭᠡᠭ᠍ᠰᠡᠨ ᠰᠢᠭ᠌ ᠭᠡᠴᠡᠭᠦᠤ ᠬᠤᠷᠳᠤᠨ ᠴᠢ ᠬᠠᠷᠢᠭᠤᠯᠤᠯ᠎ᠠ᠃

ᠭᠦᠰᠡᠭᠦ ᠶᠢᠨ ᠵᠢᠷᠭᠠᠯ ᠳᠤ ᠵᠤᠪᠠᠭᠠᠭᠰᠠᠭᠠᠷ᠂ ᠭᠦᠯᠢᠶᠡᠭᠦ ᠶᠢᠨ ᠵᠤᠪᠠᠯᠠᠩ ᠳᠤ ᠵᠢᠷᠭᠠᠭᠤᠯᠤᠭᠰᠠᠭᠠᠷ ᠭᠦᠷᠦᠭᠡᠳ ᠢᠷᠠᠯ᠎ᠠ ︕ ᠪᠣᠯᠵᠤᠭᠠᠨ ᠡᠳᠦᠷ᠃ ᠮᠠᠩᠳᠠᠵᠤ ᠰᠠᠩᠳᠠᠵᠤ ᠰᠤᠷᠭᠠᠭᠤᠯᠢ ᠶᠢᠨ ᠡᠭᠦᠳᠡᠨ ᠳᠤ ᠭᠦᠷᠭᠦᠯᠡᠷ᠂ ᠮᠡᠳᠡᠭᠡᠵᠢ ︕ ᠴᠢ ᠢᠷᠡᠭᠡ ᠦᠭᠡᠶ᠃ ᠭᠡᠯᠡᠭ᠍ᠰᠡᠨ ᠶᠢᠡᠨ ᠮᠡᠯᠵᠢᠳᠡᠭ᠌ ᠵᠤᠯᠢᠭ ᠭᠡᠵᠤ ᠭᠡᠴᠡᠭᠦᠤ ᠬᠤᠷᠤᠰᠤᠨ ᠭᠤᠮᠤᠳᠠᠵᠤ ᠨᠠᠭᠠᠰᠢ ᠴᠠᠭᠠᠰᠢ ᠬᠤᠯᠭᠢᠬᠤ ᠶᠢ ᠮᠢᠨᠢ ᠡᠭᠦᠳᠡ ᠰᠠᠭᠢᠭᠴᠢ ᠡᠪᠦᠭᠡᠨ ᠬᠠᠷᠠᠭᠠᠤᠨ ᠨᠢᠭᠡ ᠬᠠᠭᠤᠳᠠᠰᠤ ᠵᠠᠭᠢᠳᠠᠯ ᠭᠠᠷᠳᠠᠭᠤᠯᠪᠠ᠃ ᠶᠠᠭᠠᠷᠠᠨ ᠵᠠᠳᠠᠯᠪᠠᠯ᠄ 《ᠣᠶᠤᠳᠠᠨ ᠤ ᠠᠮᠢᠳᠤᠷᠠᠯ ᠤᠨ ᠴᠢᠨᠢ ᠰᠠᠢ᠌ᠨ ᠰᠢᠠᠬᠠᠨ ᠢ ᠢ ᠴᠢᠨᠢ ᠵᠦᠩᠨᠠᠶ᠎ᠠ ︕》 ᠭᠡᠰᠡᠨ ᠳᠦᠭᠦᠮᠭᠡᠨ ᠭᠡᠳᠤᠨ ᠥᠰᠦᠭ᠌ ᠪᠠ ᠳᠤᠭᠠᠨ ᠤ ᠰᠢᠯᠭᠠᠯᠳᠠ ᠵᠢᠨ 30 ᠬᠤᠪᠢ᠃ ᠣᠬᠠᠭᠠᠨ ᠢ ᠨᠢ ᠣᠯᠪᠠ᠃ ᠣᠯᠤᠰ ᠤᠨ ᠰᠢᠯᠭᠠᠯᠳᠠ ᠳᠤ ᠭᠢ ᠳᠡᠭᠦᠨ ᠤ ᠬᠤᠪᠢ᠃ ᠰᠠᠨᠠᠭᠠᠨ ᠡᠴᠠ ᠭᠠᠳᠠᠭᠤᠷ ᠡ ᠶᠤᠰᠤᠳᠠᠢ ᠯᠠ᠃

ᠭᠦᠡᠳᠦᠭᠡᠨ ᠭᠢᠰᠭᠢᠭ᠍ᠳᠡᠭ᠍ᠰᠡᠨ ᠭᠦᠯ ᠤᠨ ᠮᠦᠷ ᠤᠨ ᠬᠠᠵᠠᠭᠤ ᠳᠤ ᠬᠤᠷᠪᠣᠢ᠌ᠵᠤ ᠬᠠᠳᠠᠭᠰᠠᠨ ᠨᠠᠪᠴᠢᠨ ᠳᠡᠭᠡᠷᠡᠭᠢ ᠣᠷᠤᠮ ᠪᠣᠷᠤᠭᠠᠨ ᠳᠤᠰᠤᠯ᠂ ᠨᠢᠯᠪᠣᠰᠤᠨ ᠳᠤᠰᠤᠯ ᠤᠨ ᠠᠯᠢ ᠨᠢ ᠪᠣᠯᠬᠤ ᠶᠢ ᠦᠯᠦ ᠮᠡᠳᠡᠭ᠍ᠳᠡᠨ᠎ᠡ᠃

᠁ 《ᠬᠤᠪᠢ ᠵᠠᠶᠠᠭᠠᠨ ᠤ ᠡ᠊ᠨᠳᠡᠭᠦᠷᠡᠯ ᠭᠠᠷᠬᠤ ᠦᠭᠡᠶ ᠪᠣᠯ ᠁》

《ᠦᠪᠡᠷ ᠤᠨ ᠭᠢ ᠪᠠᠨ ᠬᠠᠷᠢᠭᠤᠯᠬᠤ ᠦᠭᠡᠶ᠂ ᠦᠷᠦᠭᠡᠯ ᠢ ᠬᠠᠷᠠᠭᠤᠯᠳᠠᠳᠠᠭ ᠮᠠᠭᠤ ᠵᠤᠯᠢᠭ ᠪᠠᠢ᠌ᠵᠠᠢ ᠴᠢ ︕》

《ᠬᠠᠮᠢᠭ᠎ᠠ ᠡᠴᠠ ᠳ᠋ᠠ ︕ ᠬᠠᠷ᠎ᠠ ᠰᠠᠯᠭᠢ ᠳᠡᠭ᠍ᠳᠡᠭᠡᠳ ᠬᠠᠮᠤᠵᠤ ᠭᠡᠢ᠌ᠰᠭᠡᠭᠦ ᠭᠡᠳ ᠪᠠᠢ᠌ᠬᠤᠯᠠᠷ ᠨᠢ ᠴᠤᠩᠬᠤ ᠬᠠᠭᠠᠬᠤ ᠳᠤ ᠪᠠᠨ ᠪᠢ ᠁》 ᠁ ᠴᠢ ᠣᠷᠢᠳᠠᠭᠢ ᠰᠢᠭ ᠶᠢᠡᠨ ᠢᠴᠢᠵᠤ ᠢᠨᠢᠶᠠᠵᠤ ᠭᠡᠯᠡᠭ᠍ᠰᠡᠨ ᠪᠢᠰᠢ᠂ ᠣᠭᠢᠯᠠᠵᠤ ᠭᠤᠮᠤᠳᠠᠯ ᠳᠤᠭᠠᠴᠢᠬᠤ ᠮᠠᠳᠤ᠃ 《ᠶᠠᠮᠠᠷ ᠬᠠᠢ᠌ᠩᠭ᠋ᠤ ᠪᠣᠢ ︖》 ᠪᠢ ᠳᠡᠭᠦᠨ ᠢ ᠶᠤᠮ ᠦᠦ ︖ ᠰᠢᠯᠭᠠᠯᠳᠠ ᠭᠢᠨᠠᠭᠴᠢ ᠶᠢ ᠶᠤᠮ ᠦᠦ ︖ ᠠᠯᠢ ᠶᠢ ᠨᠢ ᠭᠡᠯᠡᠭ᠍ᠰᠡᠨ ᠶᠢᠡᠨ ᠦᠪᠡᠷ ᠶᠢᠡᠨ ᠴᠤ ᠮᠡᠳᠡᠭᠦ ᠦᠭᠡᠶ᠃ ᠬᠤᠪᠢ ᠵᠠᠶᠠᠭ᠎ᠠ ᠭᠦᠮᠤᠨ ᠶᠢᠡᠷ ᠳᠤᠭᠯᠠᠳᠠᠭ ᠪᠠᠢ᠌ᠵᠠᠢ᠃ ᠮᠠᠭᠤ ᠢᠷᠸ᠎ᠠ ᠶᠢᠨ ᠬᠠᠷ᠎ᠠ ᠰᠠᠯᠭᠢ ︕

ᠠᠷᠪᠠᠨ ᠳᠠᠪᠤᠨ ᠤ ᠰᠠᠷᠠ ᠠᠭᠠᠷ ᠲᠤ ᠮᠠᠯᠳᠠᠢ᠌ᠯ᠎ᠠ ᠴᠤ ᠠᠷᠠᠢ ᠳᠡᠷᠭᠡᠯᠰᠢᠭᠡᠳᠦᠢ ᠰᠢᠭ᠌᠃

ᠠᠷᠤ ᠳᠤ ᠭᠡᠨᠡᠳᠲᠡ ᠨᠢᠭᠡ ᠭᠦᠮᠤᠨ᠄ 《᠁ ᠠᠯᠢ ᠡᠴᠦᠰ ᠲᠤ ᠪᠢ ᠴᠢᠨᠢ᠂ ᠠᠯᠢᠮᠠᠨ ᠡᠴᠠ ᠬᠤᠴᠤᠷᠤᠭᠰᠠᠨ ᠬᠡᠦᠬᠡᠳ ᠪᠠᠢ᠌ᠵᠠᠢ᠂ ᠢᠨᠠᠭ ᠤᠨ ᠪᠠᠷ᠎ᠠ ᠡᠴᠠ ᠬᠤᠯᠠᠳᠠᠭᠰᠠᠨ᠂ ᠢᠯᠠᠭᠳᠠᠯ ᠳᠤ ᠣᠴᠠᠷᠠᠭᠰᠠᠨ ᠴᠡᠷᠢᠭ᠌ ᠶᠤᠮ ᠪᠠᠢ᠌ᠵᠠᠢ ᠁》 ᠭᠡᠵᠤ ᠳᠠᠭᠤᠯᠠᠬᠤ ᠮᠠᠳᠤ᠂ ᠰᠢᠯᠦᠭᠯᠡᠭᠦ ᠮᠠᠳᠤ᠂ ᠣᠭᠢᠯᠠᠬᠤ ᠮᠠᠳᠤ᠃

ᠠᠷᠪᠠᠨ ᠳᠠᠪᠤᠨ ᠤ ᠰᠠᠷᠠ ᠠᠷᠪᠠᠨ ᠵᠢᠷᠭᠤᠭᠠᠨ ᠳᠤ ᠳᠡᠷᠭᠡᠯᠰᠢᠳᠡᠭ᠌ ᠪᠣᠯ ᠦᠦ ︖


ᠵᠤᠬᠢᠶᠠᠭᠴᠢ ᠶᠢᠨ ᠬᠠ‍‌ᠶᠢᠭ ᠄ ᠵᠠᠷᠤᠳ

ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6168
ᠴᠠᠭ᠄ 2011 ᠤᠨ ᠤ 08 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ