☆ ᠬᠠᠷᠠᠨᠤᠳ ᠳᠦᠷᠤ ᠵᠠᠶᠠᠭ᠎ᠠ
ᠴᠢ ᠮᠢᠨᠢ
ᠴᠢ ᠮᠢᠨᠢ
ᠰᠠᠷᠨᠠᠢ ᠴᠡᠴᠡᠭ᠌ ᠤᠨ ᠳᠡᠯᠪᠠᠭᠡᠨ ᠳᠡᠭᠡᠷ᠎ᠡ
ᠰᠠᠷᠠᠨ ᠪᠣᠯᠵᠤ ᠳᠡᠯᠭᠡᠷᠡᠭ᠍ᠰᠡᠨ ᠶᠤᠮ
ᠰᠠᠷᠠᠨ ᠳᠠᠭᠢᠨᠢ ᠶᠢᠨ ᠵᠢᠭᠦᠷ ᠶᠢᠡᠷ ᠳᠤᠭᠯᠠᠵᠤ
ᠰᠠᠨᠠᠭᠠᠨ ᠤ ᠭᠦᠨ ᠳᠤ ᠵᠢᠷᠭᠢᠭ᠍ᠰᠡᠨ ᠶᠤᠮ
ᠴᠢ ᠮᠢᠨᠢ
ᠰᠢᠭᠦᠳᠡᠷᠢ ᠰᠢᠭᠦᠳᠡᠷᠢ ᠶᠢᠨ ᠳᠡᠯᠪᠠᠭᠡᠨ ᠳᠡᠭᠡᠷ᠎ᠡ
ᠰᠢᠪᠠᠭᠤᠬᠠᠢ ᠪᠣᠯᠵᠤ ᠵᠢᠷᠭᠢᠭ᠍ᠰᠡᠨ ᠶᠤᠮ
ᠰᠢᠪᠠᠭᠤ ᠰᠢᠪᠠᠭᠤᠨ ᠤ ᠵᠢᠭᠦᠷ ᠶᠢᠡᠷ ᠳᠤᠭᠯᠠᠵᠤ
ᠰᠡᠳᠭᠢᠯ ᠤᠨ ᠭᠦᠨ ᠳᠤ ᠡᠷᠭᠡᠯᠡᠭ᠍ᠰᠡᠨ ᠶᠤᠮ
ᠴᠢ ᠮᠢᠨᠢ
ᠨᠠᠪᠴᠢᠰ ᠨᠠᠪᠴᠢᠰ ᠤᠨ ᠠᠯᠠᠭᠠᠨ ᠳᠡᠭᠡᠷ᠎ᠡ
ᠨᠠᠷᠠᠨ ᠪᠣᠯᠵᠤ ᠡᠷᠭᠡᠯᠡᠭ᠍ᠰᠡᠨ ᠶᠤᠮ
ᠨᠠᠷᠠᠨ ᠤ ᠵᠢᠭᠦᠷ ᠲᠡᠶ ᠠᠮᠢᠳᠤᠷᠠᠯ ᠶᠢᠡᠷ ᠴᠢᠮᠠᠵᠤ
ᠨᠠᠰᠤᠨ ᠤ ᠮᠢᠨᠢ ᠬᠠᠨᠢ ᠪᠣᠯᠵᠤ ᠵᠢᠷᠭᠠᠭᠰᠠᠨ ᠶᠤᠮ
ᠴᠢ ᠮᠢᠨᠢ ᠁
ᠵᠤᠬᠢᠶᠠᠭᠴᠢ ᠶᠢᠨ ᠬᠠᠶᠢᠭ ᠄ ᠭᠦᠯᠤᠨ ᠪᠤᠢᠷ
ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2011 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ