ᠨᠡᠪᠲᠡᠷᠡᠨ ᠤᠷᠤᠬᠤ
ᠵᠡᠭᠦᠳᠤ

ᠵᠥᠭᠡᠷ ᠰᠠᠭᠤᠶ᠎ᠠ ᠭᠡᠭᠦᠯᠡᠷ

ᠵᠡᠭᠦᠳᠤ ᠪᠣᠳᠤᠭᠳᠠᠨ᠎ᠠ

ᠵᠡᠭᠦᠳᠤ ᠶᠢ ᠳᠦᠭᠦᠷᠭᠡᠭᠡᠳ ᠶᠠᠪᠣᠴᠢᠬᠠᠭᠰᠠᠨ

ᠴᠢ ᠮᠢᠨᠢ ᠰᠠᠨᠠᠭᠳᠠᠨ᠎ᠠ


ᠠᠮᠠᠷᠠᠭ ᠬᠠᠷᠠᠴᠠᠨ ᠡᠴᠡ ᠴᠢᠨᠢ ᠳᠦᠷᠡᠯᠵᠡᠭ᠍ᠰᠡᠨ

ᠬᠠᠢ᠌ᠷ᠎ᠠ ᠶᠢᠨ ᠴᠢᠨᠢ ᠲᠦᠯᠦ ᠳᠤ ᠳᠤᠯᠠᠭᠠᠴᠠᠨ

ᠠᠶᠤᠤᠯᠢᠬᠠᠢ ᠳᠠᠭᠠᠨ ᠨᠠᠯᠠᠭᠤᠯᠵᠤ ᠡᠷᠭᠡᠯᠡᠭᠦᠯᠦᠭ᠍ᠰᠡᠨ

ᠳᠤᠷᠠᠯᠠᠯ ᠤᠨ ᠴᠢᠨᠢ ᠰᠢᠪᠠᠨᠡᠭᠡ ᠳᠤ ᠣᠶᠠᠰᠤᠨ᠎ᠠ


ᠬᠠᠴᠠᠷ ᠲᠤ ᠨᠠᠭᠠᠭᠰᠠᠨ

ᠬᠠᠢ᠌ᠷ᠎ᠠ ᠶᠢᠨ ᠴᠢᠨᠢ ᠳᠠᠮᠠᠭ᠎ᠠ

ᠡᠩᠭᠡᠰᠭᠡ ᠳᠤ

ᠳᠠᠷᠤᠭᠳᠠᠬᠤ ᠡᠴᠡ ᠠᠶᠤᠨ᠎ᠠ


ᠬᠤᠪᠳᠤᠯ ᠳᠤ ᠬᠤᠨᠤᠭᠰᠢᠭᠰᠠᠨ

ᠮᠥᠷᠦᠭᠡᠳᠦᠯ ᠤᠨ ᠴᠢᠨᠢ ᠳᠠᠯᠠᠰ

ᠣᠶᠠᠷᠠᠯ ᠳᠤ

ᠬᠠᠢ᠌ᠯᠬᠤ ᠡᠴᠡ ᠵᠢᠷᠦᠭᠡᠰᠢᠶᠡᠨ᠎ᠡ


ᠦᠣᠷ ᠶᠢᠡᠷ ᠳᠠᠭᠤᠳᠠᠭᠤᠯᠵᠤ

ᠨᠣᠢ᠌ᠷ ᠡᠴᠡ ᠰᠡᠷᠢᠭ᠍ᠰᠡᠨ ᠶᠢᠡᠨ

ᠪᠣᠳᠤᠪᠠᠯ ᠬᠠᠷᠠᠮᠰᠠᠨ᠎ᠠ


ᠦᠨᠦᠴᠢᠨ ᠬᠤᠴᠤᠷᠠᠭᠰᠠᠨ

ᠰᠡᠳᠭᠢᠯ ᠶᠢᠡᠨ ᠠᠷᠭᠠᠳᠠᠭᠠᠤᠨ

ᠦᠷᠦᠪᠳᠤᠨ᠎ᠠ


ᠵᠥᠭᠡᠷ ᠰᠠᠭᠤᠶ᠎ᠠ ᠭᠡᠭᠦᠯᠡᠷ

ᠵᠡᠭᠦᠳᠤ ᠪᠣᠳᠤᠭᠳᠠᠨ᠎ᠠ

ᠵᠡᠭᠦᠳᠤ ᠶᠢ ᠳᠦᠭᠦᠷᠭᠡᠭᠡᠳ ᠶᠠᠪᠣᠴᠢᠬᠠᠭᠰᠠᠨ

ᠴᠢ ᠮᠢᠨᠢ ᠰᠠᠨᠠᠭᠳᠠᠨ᠎ᠠ᠁


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2010 ᠤᠨ ᠤ 01 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ