ᠨᠡᠪᠲᠡᠷᠡᠨ ᠤᠷᠤᠬᠤ
ᠦᠭᠡᠷᠳᠤ ᠭᠦᠢᠳᠡᠨ ᠤ ᠠᠶᠠᠯᠭᠤ

- ᠥᠷᠭᠦᠯᠵᠢ ᠶᠢᠨ ᠣᠢ᠌ᠷᠠᠬᠠᠨ ᠬᠠᠷᠠᠭᠳᠠᠭᠴᠢ

ᠥᠭᠡᠷᠳᠤ ᠭᠦᠢᠳᠡᠨ ᠬᠤᠶᠠᠷ ᠦᠦ

ᠦᠶ᠎ᠡ ᠶᠢᠨ ᠵᠢᠭᠠᠬᠠᠨ ᠳᠤᠯᠭᠠᠷ ᠢ ᠪᠠᠨ

ᠣᠢ᠌ᠯᠠᠷ ᠲᠤ ᠳᠠᠭᠠᠷᠠᠬᠤ ᠶᠢ ᠭᠦᠦᠷᠡᠭᠡ ᠦᠭᠡᠶ

ᠭᠠᠯ ᠳᠦᠷᠡᠯᠵᠡᠨ᠎ᠠ

ᠭᠠᠭᠴᠠ ᠳᠤᠯᠤᠭᠠᠢ ᠶᠢᠨ ᠡᠭᠢᠨ ᠳᠤ

ᠭᠠᠩᠭ᠋ᠠᠩ ᠵᠠᠯᠠᠭᠤ ᠨᠠᠰᠤ ᠣᠠᠳᠠᠷᠠᠨ᠎ᠠ

ᠥᠭᠡᠷᠳᠤ ᠨᠠᠭᠤᠷ ᠤᠨ

ᠴᠡᠩᠭᠡᠷ ᠠᠮᠢᠰᠬᠤᠭ᠎ᠠ

ᠣᠳᠤᠭᠠᠨ ᠳᠤ ᠬᠠᠬᠠᠨ᠎ᠠ

ᠦᠨᠢᠶ᠎ᠡ ᠳᠤᠭᠤᠯ ᠤᠨ

ᠨᠣᠢ᠌ᠳᠠᠨ ᠮᠥᠭᠡᠷᠡᠭᠡ

ᠡᠩᠭᠡᠷ ᠳᠡᠪᠳᠦᠭᠡᠨ᠎ᠡ

ᠡᠷᠳᠡᠨ ᠤ ᠨᠢᠭᠡᠨ ᠪᠠᠭᠤᠴᠠᠨ ᠳᠡᠭᠡᠷ᠎ᠡ

ᠢᠰᠡᠭᠡᠢ ᠭᠡᠷ

ᠢᠰᠢᠭᠡᠨ ᠮᠠᠢ᠌ᠯᠠᠭᠠᠨ ᠲᠡᠶ ᠪᠠᠨ ᠰᠢᠳᠠᠨ᠎ᠠ

ᠭᠦᠢᠳᠡᠨ ᠪᠣᠯᠠᠭ ᠤᠨ ᠣᠰᠤ

ᠭᠦᠷᠴᠤ ᠠᠮᠵᠢᠯ ᠦᠭᠡᠶ

ᠵᠠᠮ ᠳᠤ ᠪᠠᠨ ᠵᠠᠩᠭᠢᠷᠠᠨ᠎ᠠ

ᠭᠦᠭᠡᠷᠦᠭᠦᠨ ᠭᠡᠦᠭᠡᠨ ᠳᠤᠯᠭᠠᠷ

ᠰᠠᠷᠢᠵᠤ ᠠᠮᠵᠢᠯ ᠦᠭᠡᠶ

ᠵᠡᠭᠦᠳᠤᠨ ᠳᠤ ᠪᠠᠨ ᠬᠠᠰᠭᠢᠷᠤᠨ᠎ᠠ

ᠠᠶᠤᠯ ᠤᠨ ᠣᠯᠠᠭᠠᠨ ᠳᠣᠢ᠌ᠮᠠᠷ

ᠭᠡᠭᠡᠨ ᠠᠮᠢᠳᠤᠷᠠᠯ ᠳᠤ

ᠬᠠᠷᠠᠩᠭ᠋ᠤᠢ ᠠᠪᠴᠢᠷᠠᠨ᠎ᠠ

ᠠᠳᠤᠭᠤᠴᠢᠨ ᠤ ᠪᠣᠰᠤᠭ᠎ᠠ ᠭᠡᠢ᠌ᠮᠦᠷᠢ

ᠭᠡᠷ ᠤᠨ ᠪᠠᠷ᠎ᠠ ᠪᠠᠷ

ᠭᠠᠵᠠᠷ ᠣᠢ᠌ᠴᠢᠨ᠎ᠠ

ᠪᠦᠯᠡᠵᠡᠭ᠌ ᠢ ᠨᠢ ᠳᠡᠭᠦᠭᠦ ᠳᠤ

ᠭᠤᠨᠢᠭ ᠤᠨ ᠴᠢᠯᠠᠭᠤ

ᠵᠢᠷᠦᠭᠡ ᠳᠠᠷᠤᠨ᠎ᠠ

ᠪᠦᠳᠦᠷᠢᠵᠤ ᠥᠵᠡᠭᠡ ᠦᠭᠡᠶ

ᠵᠠᠯᠠᠭᠤᠬᠠᠨ ᠡᠷ᠎ᠡ

ᠡᠪᠦᠳᠦᠭ᠌ ᠨᠤᠭᠤᠷᠠᠨ᠎ᠠ

ᠪᠠᠷᠭᠤ ᠶᠢᠨ ᠳᠠᠯ᠎ᠠ ᠳᠤ

ᠭᠦᠢᠳᠡᠨ ᠪᠣᠯᠠᠭ

ᠣᠯᠠᠮ ᠯᠠ ᠮᠦᠯᠣᠢ᠌ᠨ᠎ᠠ

ᠪᠠᠭᠤᠷᠢ ᠶᠢᠨ ᠦᠨᠡᠰᠤᠨ ᠳᠤ

ᠭᠡᠭᠡᠷ᠎ᠡ ᠶᠢᠨ ᠰᠠᠯᠭᠢ

ᠣᠳᠠᠭᠠᠨ ᠯᠠ ᠬᠤᠷᠭᠤᠳᠠᠨ᠎ᠠ

ᠳᠤᠯᠭᠠᠷ ᠡ ᠭᠡᠳ ᠳᠠᠭᠤᠳᠠᠬᠤ ᠳᠤ

ᠠᠭᠤᠯᠠᠰ

ᠴᠤᠤᠷᠢᠶ᠎ᠠ ᠦᠭᠡᠶ ᠯᠠ ᠲᠦᠩᠰᠣᠢ᠌ᠨ᠎ᠠ

ᠳᠤᠷᠠᠯᠠᠯᠳᠤ ᠡᠳᠦᠷ ᠤᠳ ᠶᠢᠡᠨ ᠡᠷᠭᠢᠭᠦ ᠳᠤ

ᠣᠰᠤ

ᠴᠢᠮᠡᠭᠡ ᠦᠭᠡᠶ ᠯᠠ ᠳᠤᠭᠣᠢ᠌ᠷᠠᠨ᠎ᠠ

ᠬᠠᠮᠢᠭ᠎ᠠ ᠪᠣᠢ ᠭᠡᠳ ᠡᠷᠢᠭᠦ ᠳᠤ

ᠬᠠᠮᠠᠷ ᠪᠣᠷᠭᠢᠷᠠᠨ᠎ᠠ

ᠬᠠᠨ ᠳᠡᠭ᠍ᠷᠢ ᠮᠢᠨᠢ ᠭᠡᠳ ᠵᠠᠯᠪᠢᠷᠠᠬᠤ ᠳᠤ

ᠬᠠᠷᠠᠴᠠ ᠪᠠᠯᠠᠷᠠᠨ᠎ᠠ

ᠥᠤᠷ ᠤᠨ ᠵᠡᠭᠦᠳᠤ ᠶᠢ ᠰᠡᠷᠡᠭᠡᠵᠤ

ᠦᠨᠢᠶᠠᠨ ᠵᠠᠯᠠᠨ ᠡᠴᠡ ᠪᠠᠨ

ᠳᠠᠭᠤᠯᠠᠭᠠᠤᠨ ᠢᠷᠡᠭᠦ ᠦᠭᠡᠶ ᠦᠦ

ᠣᠨᠢᠶᠠᠷ ᠤᠨ ᠭᠦᠰᠢᠭᠡ ᠶᠢ ᠰᠡᠭᠦᠵᠤ

ᠣᠷᠭᠤᠬᠤ ᠨᠠᠷᠠ ᠰᠢᠭ

ᠳᠤᠯᠠᠢ᠌ᠭᠠᠤᠨ ᠢᠷᠡᠭᠦ ᠦᠭᠡᠶ ᠊ᠤᠤ

ᠥᠨᠡᠭᠡᠨ ᠰᠠᠯᠭᠢ ᠱᠤᠭᠰᠢᠵᠤ

ᠮᠠᠩᠨᠤᠭ ᠳᠠᠯ᠎ᠠ ᠶᠢᠨ ᠳᠡᠷᠳᠡᠭᠡ ᠡᠴᠡ

ᠭᠠᠰᠠᠯᠠᠩᠳᠤ ᠪᠦᠷᠦᠢ ᠢᠷᠠᠨ᠎ᠠ

ᠦᠨᠦᠴᠢᠨ ᠣᠢ᠌ᠤᠠᠬᠠᠷ ᠴᠤᠭᠰᠢᠵᠤ

ᠮᠤᠷᠢᠨ ᠨᠢᠷᠤᠭᠤᠨ ᠳᠡᠭᠡᠷ᠎ᠡ ᠡᠴᠡ

ᠭᠠᠢ᠌ᠬᠠᠮᠰᠢᠭᠳᠤ ᠠᠶᠠᠯᠭᠤ ᠲᠦᠷᠦᠨ᠎ᠠ

ᠪᠣᠶᠠᠨ ᠨᠢᠭᠦᠯ

ᠠᠯᠠᠭᠯᠠᠭᠰᠠᠨ ᠶ‍ᠢᠷᠳᠢᠠᠴᠤ ᠶᠢ

ᠣᠢ᠌ᠯᠠᠷᠳᠤ ᠬᠤᠷᠸ᠎ᠠ ᠭᠡᠳᠡᠭ᠌

ᠪᠣᠯᠠᠭ ᠤᠨ ᠣᠰᠤ ᠰᠢᠭ

ᠢᠪᠢᠯᠦᠭ᠍ᠰᠡᠨ ᠳᠠᠭᠤᠤ ᠶᠢ

ᠥᠭᠡᠷᠳᠤ ᠭᠦᠢᠳᠡᠨ ᠭᠡᠳᠡᠭ᠌

ᠭᠦᠢᠳᠡᠨ ᠪᠣᠯᠠᠭ᠂ ᠥᠭᠡᠷᠳᠤ ᠨᠠᠭᠤᠷ ᠤᠨ

ᠠᠭᠤᠯᠵᠠᠭᠰᠠᠨ ᠴᠡᠭ᠌ ᠢ

ᠳᠤᠷᠠᠯᠠᠯ ᠭᠡᠳᠡᠭ᠌

ᠭᠡᠴᠢᠨᠡᠨ ᠵᠢᠯ ᠤᠨ ᠰᠢᠷᠬ᠎ᠠ ᠰᠤᠷᠪᠢ ᠶᠢ

ᠠᠨᠠᠭᠠᠭᠰᠠᠨ ᠰᠢᠳᠢ ᠶᠢ

ᠳᠠᠭᠤᠤ ᠭᠡᠳᠡᠭ᠌

ᠭᠦᠢᠳᠡᠨ ᠪᠣᠯᠠᠭ ᠡᠴᠡ ᠡᠭᠢ ᠠᠪᠣᠭᠰᠠᠨ

ᠣᠷᠳᠤ ᠶᠢᠨ ᠳᠠᠭᠤᠤ

ᠳᠡᠯᠡᠭᠡᠢ ᠣᠶᠠᠷᠠᠭᠠᠨ᠎ᠠ

ᠭᠦᠭ᠍ᠵᠢᠮ ᠤᠨ ᠬᠤᠳᠠ ᠸᠢᠶᠠᠨᠠ ᠶᠢᠨ

ᠠᠯᠳᠠᠨ ᠣᠷᠳᠤ ᠵᠢ

ᠨᠤᠭᠤᠭᠠᠨ ᠶᠢᠡᠷ ᠪᠣᠳᠤᠭᠯᠠᠨ᠎ᠠ

ᠳᠠᠭᠠᠭᠠᠮᠠᠭᠠᠢ ᠬᠠᠢ᠌ᠷ᠎ᠠ ᠶᠢᠨ ᠭᠦᠴᠤᠨ ᠳᠤ

ᠠᠷᠠᠤᠨ ᠤᠨ ᠳᠠᠭᠤᠤ

ᠰᠢᠳᠢ ᠣᠷᠤᠰᠢᠨ ᠣᠶᠠᠩᠭ᠋ᠠᠷᠠᠨ᠎ᠠ

ᠳᠠᠪᠠᠵᠤ ᠳᠠᠢ᠌ᠯᠤᠰᠢ ᠦᠭᠡᠶ ᠭᠢᠯᠢ ᠶᠢ

ᠮᠤᠩᠭ᠋ᠤᠯ ᠶᠢᠡᠷ ᠭᠠᠳᠤᠯᠵᠤ

ᠰᠢᠯᠦᠭ᠌ ᠪᠣᠯᠤᠨ ᠮᠥᠩᠭᠡᠷᠡᠨ᠎ᠡ

ᠨᠤᠷᠮ᠎ᠠ ᠪᠣᠳᠠᠷᠠᠭᠰᠠᠨ ᠪᠠᠭᠤᠷᠢ ᠳᠡᠭᠡᠷ᠎ᠡ

ᠡᠪᠠᠰᠤ ᠰᠤᠨᠢᠶᠠᠨ᠎ᠠ

ᠨᠤᠭᠤᠭᠠᠨ ᠭᠠᠯ ᠳᠦᠷᠡᠯᠵᠡᠨ᠎ᠠ

ᠨᠤᠲ᠋ ᠠᠶᠠᠯᠤᠭᠰᠠᠨ ᠰᠠᠯᠭᠢᠨ ᠳᠤᠮᠳᠠ

ᠥᠭᠡᠷᠳᠤ ᠮᠥᠭᠡᠷᠡᠨ᠎ᠡ

ᠴᠡᠩᠭᠡᠷ ᠪᠣᠷᠤᠭ᠎ᠠ ᠠᠰᠬᠠᠷᠠᠨ᠎ᠠ

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2669
ᠴᠠᠭ᠄ 2009 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ