☆ ᠷᠢᠠ᠊·ᠨᠠᠰᠤᠨᠦ᠌ᠯᠵᠡᠢ
ᠳᠤᠷᠠᠰᠬᠤ ᠦᠯᠢᠭᠡᠷ ᠲᠡᠶ ᠠᠮᠢᠳᠤᠷᠠᠯ ᠰᠠᠢ᠌ᠬᠠᠨ
ᠬᠠᠯᠠᠭᠤᠨ ᠰᠡᠳᠭᠢᠯ ᠬᠠᠢ᠌ᠷ᠎ᠠ ᠶᠢᠨ ᠳᠦᠷᠠᠯᠵᠠᠯ
ᠬᠠᠨᠢᠰᠤᠨ ᠪᠣᠯᠵᠤᠬᠤ ᠵᠢᠷᠦᠭᠡᠨ ᠤ ᠳᠤᠯᠭᠢᠰᠤᠯ
ᠬᠠᠷᠠᠰᠤᠮᠠ ᠪᠠᠭᠤᠬᠤ ᠭᠦᠢᠳᠡᠨ ᠭᠢᠷᠠᠭᠤ
ᠬᠠᠭᠠᠴᠠᠨ ᠪᠣᠳᠠᠷᠠᠬᠤ ᠴᠡᠴᠡᠭ᠌ ᠤᠨ ᠭᠡᠯᠳᠡᠰ ᠡ
ᠳᠤᠷᠠᠯᠠᠯ ᠤᠨ ᠴᠡᠴᠡᠭ᠌ ᠭᠡᠵᠤ ᠡᠮᠵᠡᠭᠭᠡᠨ ᠶᠤᠮ
ᠳᠤᠸᠠᠯᠠᠳᠠᠯᠠ ᠳᠡᠯᠭᠡᠷᠡᠭᠡ ᠦᠭᠡᠶ ᠴᠤ ᠪᠠᠯ ᠲᠡᠶ ᠶᠤᠮ
ᠳᠤᠷᠠᠳᠬᠠᠯ ᠳᠤ ᠵᠢᠪᠴᠤ ᠣᠶᠠᠷᠠᠵᠤ ᠰᠠᠭᠤᠯ᠎ᠠ ᠴᠤ
ᠳᠤᠷᠠᠰᠬᠤ ᠦᠯᠢᠭᠡᠷ ᠲᠡᠶ ᠠᠮᠢᠳᠤᠷᠠᠯ ᠰᠠᠢ᠌ᠬᠠᠨ
ᠳᠤᠩᠬᠠᠭ ᠳᠤᠭ ᠲᠡᠶ ᠬᠠᠷᠠᠴᠠ ᠶᠢᠨ ᠣᠶᠠᠩᠭ᠋ᠠᠷᠠᠯ
ᠳᠤᠩᠭ᠋ᠠᠯᠠᠭ ᠰᠠᠷᠠᠨ ᠤ ᠬᠤᠤᠰᠯᠠᠯ ᠪᠣᠯᠵᠤᠭ᠎ᠠ
ᠳᠤᠷᠭᠤᠨ ᠰᠠᠯᠬᠤ ᠶᠢᠨ ᠬᠠᠳᠠᠭᠤ ᠳᠠᠪᠢᠯᠠᠩ
ᠳᠤᠷᠠᠰᠤᠯ ᠳᠤ ᠵᠠᠩᠭᠢᠷᠬᠤ ᠨᠠᠰᠤᠨ ᠤ ᠭᠠᠠᠵᠤᠭ᠎ᠠ ᠡ
ᠢᠨᠠᠭ ᠤᠨ ᠴᠡᠴᠡᠭ᠌ ᠭᠡᠵᠤ ᠡᠮᠵᠡᠭᠭᠡᠨ ᠶᠤᠮ
ᠢᠷᠠᠯᠵᠠᠮᠠ ᠳᠡᠯᠭᠡᠷᠡᠭᠦ ᠦᠭᠡᠶ ᠴᠤ ᠪᠠᠯ ᠲᠡᠶ ᠶᠤᠮ
ᠡᠷᠭᠢᠴᠡᠭᠦᠯᠦᠯ ᠰᠤᠪᠢᠵᠤ ᠡᠮᠳᠡᠷᠡᠵᠤ ᠰᠠᠭᠤᠯ᠎ᠠ ᠴᠤ
ᠡᠷᠢᠭ᠍ᠳᠡᠭᠦ ᠣᠴᠢᠷ ᠲᠡᠶ ᠠᠮᠢᠳᠤᠷᠠᠯ ᠰᠠᠢ᠌ᠬᠠᠨ
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤ
ᠵᠤᠬᠢᠶᠠᠭᠴᠢ᠄ ᠷᠢᠠ᠊·ᠨᠠᠰᠤᠨᠦ᠌ᠯᠵᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2647
ᠴᠠᠭ᠄ 2010 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ