ᠨᠡᠪᠲᠡᠷᠡᠨ ᠤᠷᠤᠬᠤ
ᠬᠡᠦᠬᠡᠳ ᠤᠨ ᠰᠢᠯᠦᠭ᠌ ᠢ ᠶᠠᠭᠠᠭᠢᠵᠤ ᠪᠢᠴᠢᠭᠦ ᠳᠤᠬᠠᠢ

ᠬᠡᠦᠬᠡᠳ ᠤᠨ ᠣᠷᠠᠨ ᠵᠤᠬᠢᠶᠠᠯ ᠪᠣᠯ ᠪᠦᠭᠦᠢᠯᠡ ᠣᠷᠠᠨ ᠵᠤᠬᠢᠶᠠᠯ ᠤᠨ ᠳᠤᠮᠳᠠᠭᠢ ᠪᠠᠶ᠎ᠠ ᠪᠠᠨ ᠳᠠᠭᠠᠭᠠᠭᠰᠠᠨ ᠰᠢᠠᠵᠢ ᠪᠦᠭᠦᠢ ᠣᠠᠴᠠᠭᠠᠢ ᠨᠢᠭᠡ ᠳᠢᠭ᠌ ᠰᠲ᠋ᠢᠯᠢ ᠮᠦᠨ᠃ ᠣᠳᠤᠬᠠᠨ ᠳᠤ ᠮᠤᠩᠭ᠋ᠤᠯ ᠣᠷᠠᠨ ᠵᠤᠬᠢᠶᠠᠯ ᠤᠨ ᠳᠠᠢ᠌ᠰᠠᠨ ᠳᠡᠭᠡᠷ᠎ᠡ ᠬᠡᠦᠬᠡᠳ ᠤᠨ ᠣᠷᠠᠨ ᠵᠤᠬᠢᠶᠠᠯ᠂ ᠢᠯᠠᠩᠭ᠋ᠤᠶ᠎ᠠ ᠬᠡᠦᠬᠡᠳ ᠤᠨ ᠰᠢᠯᠦᠭ᠌ ᠪᠢᠴᠢᠳᠡᠭ᠌ ᠭᠦᠮᠤᠨ ᠳᠤᠩ ᠴᠥᠭᠡᠨ ᠪᠠᠢ᠌ᠨ᠎ᠠ᠃ ᠮᠤᠩᠭ᠋ᠤᠯ ᠬᠡᠦᠬᠡᠳ ᠤᠨ ᠣᠷᠠᠨ ᠵᠤᠬᠢᠶᠠᠯ ᠤᠨ ᠳᠤᠬᠠᠢ ᠰᠢᠭᠦᠮᠵᠢ ᠰᠤᠳᠤᠯᠭᠠᠨ ᠨᠢ ᠨᠠᠩ ᠴᠤ ᠬᠤᠴᠤᠷᠴᠤ ᠬᠤᠭᠤᠰᠤᠳᠠᠵᠤ ᠪᠠᠢ᠌ᠭ᠎ᠠ ᠨᠢᠭᠡ ᠳᠠᠯ᠎ᠠ ᠶᠢᠨ ᠰᠤᠳᠤᠯᠭᠠᠨ ᠪᠠᠢ᠌ᠵᠤ ᠮᠤᠩᠭ᠋ᠤᠯ ᠣᠤᠠᠬ᠎ᠠ ᠵᠤᠬᠢᠶᠠᠯ ᠰᠤᠳᠤᠯᠭᠠᠨ ᠤ 《ᠪᠠᠭᠤᠷᠠᠢ᠌ᠴᠤᠳ ᠤᠨ ᠡᠩᠨᠡᠭᠡ》   ᠳ᠋ᠤ ᠳᠤᠭᠠᠴᠠᠭᠳᠠᠬᠤ ᠪᠣᠯᠤᠨ᠎ᠠ᠃ ᠡᠨᠡ ᠭᠦ ᠪᠠᠢ᠌ᠳᠠᠯ ᠳᠤᠤᠷ᠎ᠠ ᠨᠢᠭᠡ ᠪᠦᠯᠦᠭ᠌ ᠬᠡᠦᠬᠡᠳ ᠲᠡᠭᠡᠨ ᠬᠠᠢ᠌ᠷᠠᠳᠠᠢ ᠵᠤᠬᠢᠶᠠᠭᠴᠢᠳ ᠡᠴᠠ ᠬᠡᠦᠬᠡᠳ ᠲᠡᠭᠡᠨ 《ᠣᠩᠰᠢᠬᠤ ᠶᠠᠭᠤᠮ᠎ᠠ》 ᠪᠢᠴᠢᠵᠤ ᠦᠭ‍ᠭᠦ᠂ ᠬᠡᠦᠬᠡᠳ ᠲᠡᠭᠡᠨ ᠣᠶᠤᠨ ᠰᠠᠨᠠᠭᠠᠨ ᠤ ᠰᠢᠮ᠎ᠠ ᠳᠡᠵᠢᠭᠡᠯ ᠨᠠᠢ᠌ᠷᠠᠵᠤ᠂ ᠣᠶᠤᠨ ᠤ ᠰᠢᠮ᠎ᠠ ᠳᠡᠵᠢᠭᠡᠯ ᠨᠥᠭᠦᠵᠤ ᠭᠦᠷᠳᠡᠭᠡᠭᠦ ᠭᠡᠮᠡᠨ ᠵᠤᠷᠢᠯᠭ᠎ᠠ ᠲᠡᠶ ᠪᠠᠷ ᠴᠢᠷᠮᠠᠢ᠌ᠨ ᠵᠢᠦᠡᠭᠦᠵᠤ ᠪᠠᠢ᠌ᠨ᠎ᠠ᠃ ᠳᠤᠰ ᠵᠤᠬᠢᠶᠠᠯ ᠳᠤ ᠭᠤᠤᠯᠳᠠᠭᠤ 《ᠮᠤᠩᠭ᠋ᠤᠯ ᠰᠤᠨᠢᠨ ᠰᠦᠯᠵᠢᠶᠠᠨ》 ᠳᠤ ᠨᠡᠢ᠌ᠳᠡᠯᠡᠭ᠍ᠳᠡᠭ᠍ᠰᠡᠨ ᠬᠡᠦᠬᠡᠳ ᠤᠨ ᠰᠢᠯᠦᠭ᠌ ᠤᠳ ᠢ ᠦᠨᠳᠦᠰᠦᠯᠠᠵᠤ ᠬᠡᠦᠬᠡᠳ ᠤᠨ ᠰᠢᠯᠦᠭ᠌ ᠢ ᠶᠠᠭᠠᠭᠢᠵᠤ ᠪᠢᠴᠢᠭᠦ ᠳᠤᠬᠠᠢ ᠬᠤᠪᠢ ᠭᠦᠮᠤᠨ ᠤ ᠦᠵᠡᠯ ᠪᠣᠳᠤᠯ ᠶᠢᠡᠨ ᠳᠡᠯᠭᠡᠨ ᠶᠠᠷᠢᠬᠤ ᠶᠢ ᠵᠤᠷᠢᠭᠰᠠᠨ ᠶᠤᠮ᠃     

    ᠨᠢᠭᠡ᠂ ᠬᠡᠦᠬᠡᠳ ᠤᠨ ᠰᠢᠯᠦᠭ᠌ ᠢ ᠪᠢᠴᠢᠭᠦ ᠳᠤ ᠵᠠᠪᠠᠯ ᠬᠡᠦᠬᠡᠳ ᠤᠨ ᠣᠠᠴᠠᠯᠢᠭ ᠲᠤ ᠳᠤᠭᠢᠷᠠᠭᠤᠯᠬᠤ ᠭᠡᠷᠡᠭ᠍ᠳᠡᠢ᠃ ᠬᠡᠦᠬᠡᠳ ᠤᠨ ᠣᠠᠴᠠᠯᠢᠭ ᠭᠡᠳᠡᠭ᠌ ᠲᠤ ᠬᠡᠦᠬᠡᠳ ᠤᠨ ᠵᠠᠩ ᠴᠢᠨᠠᠷ ᠤᠨ ᠣᠠᠴᠠᠯᠢᠭ᠂ ᠬᠡᠦᠬᠡᠳ ᠤᠨ ᠰᠠᠳᠭᠢᠴᠠ ᠶᠢᠨ ᠣᠠᠴᠠᠯᠢᠭ᠂ ᠬᠡᠦᠬᠡᠳ ᠤᠨ ᠣᠢ᠌ᠯᠠ ᠠᠵᠢᠯᠯᠠᠭᠠᠨ ᠤ ᠣᠠᠴᠠᠯᠢᠭ᠂ ᠬᠡᠦᠬᠡᠳ ᠤᠨ ᠥᠭᠡ ᠭᠡᠯᠡᠯᠭᠡ ᠶᠢᠨ ᠣᠠᠴᠠᠯᠢᠭ᠂ ᠬᠡᠦᠬᠡᠳ ᠤᠨ ᠳᠤᠷ᠎ᠠ ᠰᠤᠨᠢᠷᠬᠠᠯ ᠁   ᠵᠡᠷᠭᠡ ᠪᠠᠭᠳᠠᠨ᠎ᠠ᠃ ᠬᠡᠦᠬᠡᠳ ᠪᠣᠯ ᠲᠤᠢ᠌ᠯ ᠤᠨ ᠰᠤᠨᠢᠭᠤᠴᠢ ᠵᠠᠩ ᠲᠡᠶ ᠪᠠᠢ᠌ᠵᠤ ᠳᠠᠳᠠ ᠡᠨᠡ ᠭᠦ ᠦᠪᠡᠷ ᠲᠤ ᠨᠢ ᠳᠠᠰᠤᠯ ᠢᠵᠢᠯ ᠪᠣᠯᠤᠭ᠎ᠠ ᠦᠭᠡᠶ 《ᠰᠢᠨᠡᠭᠡᠨ》 ᠬᠤᠷᠸ᠎ᠠ ᠶᠢᠨ ᠶᠠᠭᠤᠮ᠎ᠠ ᠪᠦᠭᠦᠨ ᠢ ᠭᠠᠢ᠌ᠬᠠᠨ ᠰᠤᠨᠢᠷᠬᠠᠵᠤ᠂ ᠨᠢᠳᠤ ᠳᠤᠳᠣᠢ᠌ᠵᠤ ᠴᠢᠭᠢ ᠭᠡᠯᠵᠡᠢ᠌ᠨ ᠠᠵᠢᠭᠯᠠᠬᠤ ᠳᠤᠷᠠᠳᠠᠢ ᠪᠦᠭᠡᠳ ᠮᠡᠳᠡᠭᠦ ᠦᠭᠡᠶ ᠴᠢᠳᠠᠬᠤ ᠦᠭᠡᠶ 《ᠶᠠᠭᠤᠮᠠᠨ ᠤ ᠣᠴᠢᠷ ᠣᠬᠠᠭᠠᠨ》 ᠢ ᠨᠢ ᠮᠡᠳᠡᠭᠦ ᠭᠡᠵᠤ ᠵᠤᠭᠰᠤᠯᠳᠠ ᠦᠭᠡᠶ ᠠᠰᠠᠭᠤᠨ ᠰᠤᠷᠠᠭᠯᠠᠬᠤ ᠪᠣᠶᠤ ᠰᠤᠨᠢᠭᠤᠴᠢᠯᠠᠨ ᠭᠠᠢ᠌ᠬᠠᠵᠤ ᠪᠠᠢ᠌ᠳᠠᠭ᠃ ᠳᠠᠳᠠ ᠪᠣᠯ ᠨᠢᠭᠡ ᠨᠢᠭᠡ ᠪᠠᠷ ᠪᠠᠨ ᠬᠤᠯᠪᠤᠨ ᠰᠡᠳᠭᠢᠭᠦ᠂   ᠤᠷᠭᠤᠭᠤᠯᠤᠨ ᠰᠡᠳᠭᠢᠭᠦ᠂ ᠭᠡᠢ ᠰᠡᠳᠭᠢᠮᠵᠢᠯᠡᠭᠦ ᠳᠡᠭᠡᠨ ᠪᠠᠬᠠᠳᠠᠢ ᠪᠢᠴᠢᠬᠠᠨ ᠸᠠᠩᠳᠤ ᠣᠯᠤᠰ ᠶᠤᠮ᠃ ᠳᠠᠷᠠ ᠮᠦᠷᠳᠡᠭᠡᠨ ᠬᠡᠦᠬᠡᠳ ᠤᠳ ᠪᠣᠯ ᠬᠤᠷᠸ᠎ᠠ ᠶᠢᠨ ᠶᠠᠭᠤᠮ᠎ᠠ ᠪᠦᠭᠦᠨ ᠢ ᠦᠪᠡᠷ ᠤᠨ ᠪᠠᠶ᠎ᠠ ᠲᠡᠶ ᠪᠠᠨ ᠬᠤᠯᠪᠤᠨ ᠰᠡᠳᠭᠢᠳᠡᠭ᠌ 《ᠪᠢ》 ᠪᠠᠷ ᠲᠦᠪ ᠪᠣᠯᠭᠠᠭᠰᠠᠨ ᠪᠢᠴᠢᠬᠠᠨ ᠳᠤᠭᠤᠷᠢᠭ ᠤᠳ ᠪᠣᠯᠬᠤ ᠶᠤᠮ᠃    《ᠴᠢᠠᠳᠠᠮᠤᠨᠢ ᠡᠷᠳᠡᠨᠢ》 ᠭᠡᠭᠦ ᠳᠠᠭᠤᠤ ᠳᠤ᠄   

   《ᠠᠪᠣ ᠡ (ᠡᠵᠢ ᠡ)᠂ ᠨᠠᠷᠠ ᠰᠠᠷᠠ ᠣᠳᠤᠨ ᠮᠠᠴᠢᠳ ᠶᠠᠭᠤ ᠪᠣᠢ︖   

  ᠨᠠᠪᠴᠢ ᠴᠡᠴᠡᠭ᠌ ᠵᠢᠮᠢᠰ ᠭᠤᠷᠪᠠ ᠶᠠᠭᠤ ᠪᠣᠢ︖   

  ᠠᠪᠣ ᠡᠵᠢ ᠪᠢᠳᠠᠨ ᠭᠤᠷᠪᠠ ᠶᠠᠭᠤ ᠪᠣᠢ︖》 ᠭᠡᠵᠤ ᠳᠠᠭᠤᠯᠠᠭᠰᠠᠨ ᠨᠢ ᠬᠡᠦᠬᠡᠳ ᠤᠨ ᠠᠵᠢᠭᠴᠢ ᠰᠤᠨᠢᠷᠬᠠᠭᠴᠢ ᠵᠠᠩ ᠰᠠᠳᠭᠢᠴᠠ ᠭᠢᠭᠡᠳ ᠬᠤᠷᠸ᠎ᠠ ᠶᠢᠨ ᠨᠠᠷᠠ ᠰᠠᠷᠠ ᠣᠳᠤ ᠶᠢ ᠦᠪᠡᠷ ᠤᠨ ᠪᠠᠶ᠎ᠠ ᠶᠢᠨ ᠣᠷᠤᠰᠢᠬᠤᠢ ᠪᠣᠯᠬᠤ 《ᠠᠪᠣ ᠡᠵᠢ ᠪᠢᠳᠠ ᠭᠤᠷᠪᠠ》 ᠲᠡᠶ ᠬᠤᠯᠪᠤᠨ ᠰᠡᠳᠭᠢᠳᠡᠭ᠌ ᠨᠠᠢ᠌ᠳᠠ ᠰᠠᠳᠭᠢᠴᠠ ᠶᠢᠨ ᠣᠠᠴᠠᠯᠢᠭ ᠢ ᠳᠤᠩ ᠦᠨᠡᠨ ᠶᠢᠡᠷ ᠢᠯᠡᠷᠡᠭᠦᠯᠵᠤ ᠴᠢᠳᠠᠭᠰᠠᠨ ᠪᠠᠢ᠌ᠳᠠᠭ᠃     

     ᠭᠦᠷᠵᠡᠪ ᠤᠨ 《ᠨᠠᠭᠠᠳᠤᠶ᠎ᠠ᠂ ᠨᠥᠭᠦᠤᠨ ᠮᠢᠨᠢ》 ᠳᠤ᠄     

《ᠨᠠᠷᠠ ᠨᠢ ᠨᠠᠷᠠ ᠪᠠᠨ  

ᠳᠠᠭᠤᠵᠤ  

ᠰᠠᠷᠠ ᠨᠢ ᠰᠠᠷᠠ ᠪᠠᠨ  

ᠭᠦᠭᠡᠭᠡᠵᠤ  

ᠰᠠᠠᠰᠠᠷ ᠳᠠᠶᠠᠭᠠᠷ ᠵᠢᠷᠭᠠᠯ᠎ᠠ ᠭᠡᠵᠤ  

ᠰᠠᠢ᠌ᠬᠠᠨ ᠭᠦᠰᠡᠯᠡᠩ ᠳᠠᠢ  

ᠨᠠᠭᠠᠳᠤᠶ᠎ᠠ᠂ ᠨᠥᠭᠦᠤᠨ ᠮᠢᠨᠢ᠃       

ᠣᠳᠤ ᠨᠢ ᠣᠳᠤ ᠪᠠᠨ  

ᠡᠭᠦᠷᠴᠤ  

ᠣᠯᠠᠨ ᠨᠢ ᠴᠥᠭᠡᠨ ᠵᠢᠠᠨ  

ᠬᠠᠪᠰᠤᠷᠴᠤ  

ᠣᠷᠴᠢᠯᠠᠩ ᠳᠠᠶᠠᠭᠠᠷ  

ᠵᠢᠷᠭᠠᠯ᠎ᠠ ᠭᠡᠵᠤ  

ᠣᠠᠴᠠ ᠶᠢᠨ ᠵᠦᠩᠨᠠᠯ ᠳᠠᠢ  

ᠨᠠᠭᠠᠳᠤᠶ᠎ᠠ᠂ ᠨᠥᠭᠦᠤᠨ ᠮᠢᠨᠢ》 ᠭᠡᠳᠤ ᠰᠢᠯᠦᠭᠯᠡᠳᠡᠭ᠌ ᠨᠢ ᠬᠡᠦᠬᠡᠳ ᠤᠳ ᠤᠨ ᠨᠠᠷᠠ ᠰᠠᠷᠠ ᠣᠳᠤᠳ ᠢ ᠦᠪᠡᠷ ᠤᠨ ᠪᠠᠶᠠᠰ ᠲᠡᠶ ᠪᠠᠨ ᠬᠤᠯᠪᠤᠨ ᠪᠣᠳᠤᠬᠤ ᠰᠠᠳᠭᠢᠴᠠ ᠲᠡᠶ ᠵᠤᠭᠢᠴᠠᠭᠰᠠᠨ ᠪᠠᠢ᠌ᠭ᠎ᠠ ᠶᠤᠮ᠃ ᠬᠡᠦᠬᠡᠳ ᠦᠪᠡᠷᠰᠠᠤᠨ ᠶᠢᠡᠨ ᠨᠠᠭᠠᠳᠤᠬᠤ ᠳᠤᠷᠠᠳᠠᠢ ᠪᠣᠯᠬᠤᠷ 《ᠪᠢ》 ᠪᠠᠷ ᠵᠣᠢ᠌ᠷᠯᠠᠨ ᠵᠢᠱᠢᠵᠤ ᠨᠠᠷᠠ ᠰᠠᠷᠠ ᠣᠳᠤ ᠵᠡᠷᠭᠡ ᠬᠤᠷᠸ᠎ᠠ ᠶᠢᠨ ᠪᠦᠭᠦ ᠵᠣᠢ᠌ᠯ ᠢ ᠴᠤ ᠨᠠᠭᠠᠳᠤᠬᠤ ᠳᠤᠷᠠᠳᠠᠢ ᠭᠡᠵᠤ ᠰᠡᠳᠭᠢᠭᠦ ᠨᠢ ᠬᠡᠦᠬᠡᠳ ᠲᠤ ᠠᠪᠴᠤ ᠭᠡᠯᠡᠪᠠᠯ ᠳᠤᠩ ᠠᠶᠠᠠᠳᠠᠭᠠᠨ ᠤ ᠰᠠᠳᠭᠢᠴᠠ ᠪᠣᠯᠬᠤ ᠶᠤᠮ᠃ ᠡ᠊ᠨᠳᠡ ᠬᠡᠦᠬᠡᠳ ᠤᠨ 《ᠣᠯᠠᠨ ᠨᠢ ᠴᠥᠭᠡᠨ ᠶᠢᠡᠨ ᠬᠠᠪᠰᠤᠷᠬᠤ》 ᠪᠣᠯᠪᠠᠰᠤᠨ ᠶᠤᠰᠤᠷᠬᠠᠭ ᠵᠠᠩ ᠴᠢᠨᠠᠷ ᠢ ᠢᠯᠡᠳᠭᠡᠭ᠍ᠰᠡᠨ ᠨᠢ ᠨᠠᠩ ᠴᠤ ᠦᠨᠡᠨ ᠤ ᠭᠢ ᠪᠦᠭᠡᠳ ᠦᠨ᠎ᠡ ᠦᠷᠳᠡᠭ᠌ ᠲᠡᠶ ᠵᠣᠢ᠌ᠯᠠᠰ ᠪᠣᠯᠵᠠᠢ᠃   

     ᠭᠦᠷᠵᠡᠪ ᠤᠨ ᠨᠥᠭᠦᠭᠡ ᠨᠢᠭᠡ ᠪᠦᠳᠦᠭᠡᠯ 《ᠴᠠᠭᠠᠨ ᠰᠠᠷ᠎ᠠ》 ᠳᠤ᠂ 《ᠣᠨ ᠣᠨ ᠤ ᠡᠭᠢ ᠶᠢ ᠡᠷᠭᠦᠵᠤ ᠣᠯᠠᠨ ᠪᠦᠭᠦᠳᠡ ᠶᠢᠨ ᠵᠢᠷᠭᠠᠯ ᠢ ᠡᠷᠭᠦᠵᠤ ᠰᠠᠷ᠎ᠠ ᠰᠠᠷ᠎ᠠ ᠶᠢᠨ ᠳᠦᠷᠦᠭᠦᠤ ᠶᠢ ᠰᠢᠯᠢᠵᠤ ᠰᠠᠢ᠌ᠬᠠᠨ ᠦᠯᠵᠡᠢ᠌ᠳᠤ ᠢᠷᠦᠭᠡᠯ ᠳᠠᠯᠪᠢᠭᠤᠯᠵᠤ》 ᠴᠠᠭᠢᠯᠵᠠᠭᠰᠠᠭᠠᠷ ᠢᠷᠡᠳᠡᠭ᠌ ᠴᠠᠭᠠᠨ ᠰᠠᠷ᠎ᠠ ᠳᠠᠭᠠᠨ ᠬᠡᠦᠬᠡᠳ ᠤᠳ ᠤᠨ ᠪᠠᠶᠠᠷᠯᠠᠨ ᠭᠦᠭᠡᠷᠴᠤ ᠫᠣᠤᠵᠢᠩ ᠳᠠᠯᠪᠢᠬᠤ᠂ ᠪᠠᠩᠰᠢ ᠢᠳᠡᠭᠦ᠂ ᠭᠡᠩᠭᠡᠷᠭᠡ ᠴᠠᠩ ᠤᠨ ᠳᠠᠭᠤᠨ ᠰᠤᠨᠤᠰᠬᠤ ᠪᠠ ᠡᠪᠦᠭᠡ ᠡᠮᠡᠭᠡ ᠡᠴᠠ ᠪᠠᠨ ᠢᠷᠦᠭᠡᠯ ᠰᠤᠨᠤᠰᠬᠤ᠂ ᠢᠷᠡᠭᠡᠳᠦᠢ ᠶᠢᠨ ᠰᠠᠢ᠌ᠬᠠᠨ ᠳᠠᠭᠠᠨ ᠳᠡᠮᠡᠤᠯᠡᠭᠦ ᠵᠡᠷᠭᠡ ᠬᠡᠦᠬᠡᠳ ᠤᠨ ᠣᠢ᠌ᠯᠠ ᠠᠵᠢᠯᠯᠠᠭᠠᠨ ᠪᠣᠳᠤᠯ ᠰᠠᠳᠭᠢᠴᠠ ᠶᠢᠨ ᠣᠠᠴᠠᠯᠢᠭ ᠢ ᠦᠨᠡᠨ ᠮᠦᠨ ᠶᠢᠡᠷ ᠢᠯᠡᠳᠭᠡᠨ ᠴᠢᠳᠠᠭᠰᠠᠨ ᠪᠠᠢ᠌ᠳᠠᠭ᠃     

     ᠪᠦᠬᠡᠵᠢᠷᠭᠠᠯ ᠤᠨ 《ᠳᠡᠭᠦᠦᠳᠡᠢ ᠠᠪᠣᠶ᠎ᠠ》 ᠳᠤ᠄   

《ᠡᠵᠢ ᠡ᠂ ᠡᠵᠢ ᠡ᠂ ᠳᠡᠭᠦᠦᠳᠡᠢ ᠠᠪᠣᠶ᠎ᠠ︕     

ᠡᠭᠡᠴᠢ ᠳᠡᠭᠦᠤ ᠲᠡᠶ ᠰᠠᠢ᠌ᠬᠠᠨ ᠭᠡᠵᠤ ᠳᠡᠭᠦᠦᠳᠡᠢ ᠠᠪᠣᠶ᠎ᠠ︕     

ᠠᠪᠣ ᠡ᠂   ᠠᠪᠣ ᠡ᠂ ᠳᠡᠭᠦᠦᠳᠡᠢ ᠠᠪᠣᠶ᠎ᠠ︕     

ᠠᠬ᠎ᠠ ᠳᠡᠭᠦᠤ ᠲᠡᠶ ᠰᠠᠢ᠌ᠬᠠᠨ ᠭᠡᠵᠤ ᠳᠡᠭᠦᠦᠳᠡᠢ ᠠᠪᠣᠶ᠎ᠠ︕》 ᠭᠡᠰᠡᠨ ᠨᠢ ᠬᠡᠦᠬᠡᠳ ᠲᠤ ᠯᠠ ᠪᠠᠢ᠌ᠳᠠᠭ ᠰᠠᠳᠭᠢᠴᠠ ᠪᠣᠳᠤᠯ᠂ ᠬᠡᠦᠬᠡᠳ ᠲᠤ ᠯᠠ ᠪᠠᠢ᠌ᠳᠠᠭ ᠭᠡᠯᠡ ᠭᠡᠯᠡᠯᠭᠡ ᠪᠣᠯᠬᠤ ᠶᠤᠮ᠃   

     ᠰ · ᠰᠠᠴᠠᠨ ᠤ 《ᠬᠠᠷᠢᠭᠤ》   ᠭᠡᠭᠦ ᠰᠢᠯᠦᠭ᠌ ᠲᠤ᠄   

《ᠨᠠᠷᠠ ᠨᠠᠷᠠ ᠮᠠᠠᠳᠤᠨ᠎ᠠ    

ᠨᠠᠯᠠᠭᠠᠷ ᠬᠤᠷᠸ᠎ᠠ ᠶᠢ ᠭᠡᠢ᠌ᠭᠦᠯᠦᠨ᠎ᠡ    

ᠨᠠᠷᠠᠨ ᠤ ᠠᠢ᠌ᠮᠠᠭ ᠶᠢᠡᠷ ᠢᠷᠡᠭᠦ ᠦᠭᠡᠶ ᠦᠦ︖ ᠭᠡᠳ    

ᠨᠠᠮᠢ᠋ᠢ ᠬᠠᠷᠠᠭᠰᠠᠭᠠᠠᠷ ᠮᠦᠰᠢᠶᠠᠨ᠎ᠠ    

ᠰᠠᠷᠠ ᠰᠠᠷᠠ ᠮᠠᠯᠳᠠᠢ᠌ᠨ᠎ᠠ    

ᠰᠠᠷᠠᠭᠤᠯ ᠣᠭᠳᠠᠷᠭᠤᠢ ᠪᠠᠷ ᠵᠤᠷᠴᠢᠨ᠎ᠠ    

ᠰᠠᠠᠰᠠᠷ ᠤᠨ ᠠᠭᠤᠳᠠᠮ ᠢ ᠬᠠᠷᠠᠬᠤ ᠦᠭᠡᠶ ᠦᠦ︖ ᠭᠡᠳ    

ᠰᠠᠢ᠌ᠷᠬᠠᠵᠤ ᠨᠠᠳᠠ ᠲᠡᠶ ᠢᠨᠢᠶᠠᠨ᠎ᠠ    

ᠣᠳᠤ ᠣᠳᠤ ᠠᠨᠢᠪᠴᠢᠨ᠎ᠠ    

ᠣᠷᠤᠢ ᠳᠡᠭᠡᠷ᠎ᠡ ᠮᠢᠨᠢ ᠭᠢᠯᠠᠯᠵᠠᠨ᠎ᠠ    

ᠣᠷᠴᠢᠯᠠᠩ ᠤᠨ ᠨᠢᠭᠤᠴᠠ ᠶᠢ ᠬᠠᠢ᠌ᠬᠤ ᠦᠭᠡᠶ ᠦᠦ︖ ᠭᠡᠳ    

ᠣᠯᠠᠮ ᠴᠤ ᠭᠦᠰᠡᠵᠤ ᠪᠠᠷᠠᠯᠠᠨ᠎ᠠ    

ᠬᠡᠦᠬᠡᠳ ᠬᠡᠦᠬᠡᠳ ᠰᠤᠷᠤᠯᠴᠠᠨ᠎ᠠ    

ᠭᠦᠰᠡᠯ ᠵᠤᠷᠢᠭ ᠶᠢᠡᠨ ᠭᠦᠪᠴᠢᠯᠡᠨ᠎ᠡ    

ᠭᠦᠷᠦᠭᠡᠳ ᠣᠴᠢᠬᠤ ᠶᠢ ᠮᠢᠨᠢ ᠭᠦᠯᠢᠶᠡᠵᠤ ᠪᠠᠢ︕ ᠭᠡᠳ    

ᠭᠦᠭ᠍ᠰᠡᠨ ᠭᠦᠭ᠍ᠰᠡᠨ ᠭᠡᠢ᠌ᠷᠭᠡᠨ᠎ᠡ》 ᠭᠡᠵᠤ ᠰᠢᠯᠦᠭᠯᠡᠭ᠍ᠰᠡᠨ ᠨᠢ ᠪᠠᠰᠠ ᠴᠤ ᠬᠡᠦᠬᠡᠳ ᠤᠨ ᠬᠤᠯᠠ ᠶᠢᠨ ᠬᠤᠯᠠ ᠵᠢᠨ ᠨᠠᠷᠠ ᠰᠠᠷᠠ ᠣᠳᠤᠨ ᠲᠡᠶ ᠰᠤᠨᠢᠭᠤᠴᠢᠯᠠᠨ ᠭᠡᠯᠡᠯᠴᠡᠭ᠍ᠰᠡᠨ ᠭᠡᠦᠭᠡᠳᠯᠢᠭ᠌ ᠭᠦᠭᠡᠷᠦᠭᠦᠨ ᠠᠰᠠᠭᠤᠯᠳᠠ ᠬᠠᠷᠢᠭᠤᠯᠳᠠ ᠪᠣᠯᠪᠠ᠃ ᠡ᠊ᠨᠳᠡ ᠬᠡᠦᠬᠡᠳ ᠤᠳ ᠦᠪᠡᠷ ᠤᠨ ᠢᠷᠡᠭᠡᠳᠦᠢ ᠪᠠᠨ ᠨᠠᠷᠠ ᠰᠠᠷᠠ ᠣᠳᠤᠨ ᠳᠤ ᠭᠦᠷᠭᠦ ᠪᠠᠷ ᠭᠡᠢ ᠭᠦᠰᠡᠮᠵᠢᠯᠡᠨ ᠬᠤᠯᠪᠤᠨ ᠰᠠᠳᠭᠢᠵᠤ ᠪᠠᠢ᠌ᠳᠠᠭ ᠨᠢ ᠬᠡᠦᠬᠡᠳ ᠪᠣᠯ ᠪᠦᠷ ᠴᠤ ᠭᠡᠢ ᠭᠦᠰᠡᠯᠡᠩ ᠤᠨ ᠭᠢ ᠭᠡᠳᠡᠭ᠌ ᠢ ᠪᠠᠳᠤᠯᠠᠨ ᠨᠤᠳᠠᠯᠠᠵᠤ ᠪᠣᠢ ᠶᠤᠮ᠃     

     《ᠵᠢᠭᠠᠬᠠᠨ ᠪᠣᠭᠱᠤᠷᠭ᠎ᠠ ᠳᠤ》   (ᠰ · ᠰᠡᠴᠡᠨ)  ᠬᠡᠦᠬᠡᠳ ᠤᠨ ᠪᠠᠢ᠌ᠭᠠᠯᠢ ᠳᠡᠯᠡᠭᠡᠢ ᠣᠷᠭᠤᠮᠠᠯ ᠠᠮᠢᠳᠠᠤᠨ ᠲᠡᠶ ᠦᠪᠡᠷ ᠢ ᠪᠠᠨ ᠵᠥᠢᠷᠯᠡᠭᠦ ᠠᠳᠠᠯᠢᠤᠠᠬᠠᠬᠤ ᠰᠠᠳᠭᠢᠴᠠ ᠶᠢ ᠠᠳᠬᠤᠨ ᠠᠪᠴᠤ ᠴᠢᠳᠠᠭᠰᠠᠨ ᠪᠦᠭᠡᠳ ᠬᠡᠦᠬᠡᠳ ᠲᠤ ᠦᠪᠡᠷ ᠤᠨ ᠪᠠᠶ᠎ᠠ ᠪᠠᠨ ᠳᠠᠭᠠᠭᠠᠵᠤ ᠰᠤᠷᠬᠤ ᠶᠢᠨ ᠠᠩᠬᠠᠨ ᠤ ᠣᠬᠠᠭ᠎ᠠ ᠰᠠᠭᠤᠭ᠎ᠠ ᠢᠳᠠᠪᠭᠢᠳᠠᠢ ᠰᠠᠢ᠌ᠬᠠᠨ ᠰᠠᠳᠭᠢᠴᠠ ᠪᠣᠳᠤᠯ ᠢ ᠢᠯᠡᠷᠡᠭᠦᠯᠪᠡ᠄   

《ᠵᠢᠭᠠᠬᠠᠨ ᠪᠣᠭᠱᠤᠷᠭ᠎ᠠ ᠡ  

ᠵᠢᠭᠠᠬᠠᠨ ᠪᠣᠭᠱᠤᠷᠭ᠎ᠠ  

ᠴᠢ ᠳᠡᠷᠪᠠᠭᠡᠳ ᠰᠤᠷᠴᠢᠬᠠᠪᠠᠤ︖     

ᠵᠠᠯᠠᠨ ᠳᠡᠭᠡᠭᠦᠷ ᠵᠥᠯᠭᠡᠨ ᠳᠡᠭᠡᠭᠦᠷ ᠨᠢᠰᠦᠭᠡᠳ ᠰᠤᠷᠴᠢᠬᠠᠪᠠᠤ︖     

ᠵᠢᠭᠠᠯ ᠬᠡᠦᠬᠡᠳ ᠵᠢᠭᠠᠯ ᠬᠡᠦᠬᠡᠳ  

ᠪᠢ ᠴᠤ ᠭᠦᠶ‍ᠦᠭᠡᠳ ᠰᠤᠷᠤᠭᠰᠠᠨ ᠰᠢᠤ᠂     

ᠵᠠᠪᠠᠯ ᠳᠡᠪᠠᠷᠢᠭᠦᠯᠤᠨ᠎ᠡ ᠵᠠᠪᠠᠯ ᠡᠭᠦᠷᠦᠭᠦᠯᠦᠨ᠎ᠡ ᠭᠡᠵᠤ  

ᠣᠭᠢᠯᠠᠬᠤ ᠪᠠᠨ ᠪᠠᠢ᠌ᠭᠰᠠᠨ ᠰᠢᠤ︕       

  

ᠵᠢᠭᠠᠬᠠᠨ ᠪᠣᠭᠱᠤᠷᠭ᠎ᠠ ᠡ  

ᠵᠢᠭᠠᠬᠠᠨ ᠪᠣᠭᠱᠤᠷᠭ᠎ᠠ  

ᠴᠢ ᠵᠢᠷᠭᠢᠭᠡᠳ ᠰᠤᠷᠴᠢᠬᠠᠪᠠᠤ︖     

ᠵᠤᠨ ᠰᠠᠢ᠌ᠬᠠᠨ ᠵᠤᠭ᠎ᠠ ᠲᠡᠶ ᠰᠠᠢ᠌ᠬᠠᠨ ᠭᠡᠵᠤ ᠱᠤᠯᠤᠭᠠᠨᠠᠭᠠᠤᠨ ᠰᠤᠷᠴᠢᠬᠠᠪᠠᠤ︖   

ᠵᠢᠭᠠᠯ ᠬᠡᠦᠬᠡᠳ ᠵᠢᠭᠠᠯ ᠬᠡᠦᠬᠡᠳ  

ᠪᠢ ᠴᠤ ᠳᠤᠷᠠᠰᠤᠭᠠᠤᠨ ᠰᠤᠷᠤᠭᠰᠠᠨ ᠰᠢᠤ᠂   

ᠵᠤᠰᠠᠭᠠᠯ ᠰᠠᠢ᠌ᠬᠠᠨ ᠵᠢᠷᠤᠭ ᠰᠢᠭ ᠰᠠᠢ᠌ᠬᠠᠨ ᠭᠡᠵᠤ  

ᠳᠠᠭᠤᠯᠠᠭᠠᠤᠨ ᠰᠤᠷᠤᠭᠰᠠᠨ ᠰᠢᠤ︕》     

     ᠷᠢ᠊ · ᠰᠠᠴᠠᠠᠴᠤᠭᠳᠤ ᠶᠢᠨ 《ᠨᠢᠯᠬ᠎ᠠ ᠰᠢᠷᠭᠤᠯᠵᠢ ᠶᠢᠨ ᠥᠯᠢᠭᠡᠷ》 ᠲᠤ᠄   

ᠨᠢᠭᠡᠨ ᠡᠳᠦᠷ  

ᠨᠢᠯᠬ᠎ᠠ ᠰᠢᠷᠭᠤᠯᠵᠢ  

ᠭᠡᠷ ᠡᠴᠡ ᠪᠠᠨ ᠬᠤᠯᠠᠳᠪᠠ  

ᠨᠠᠷᠠᠨ ᠤ ᠮᠢᠩᠭ᠋ᠠᠨ ᠠᠭᠤᠯᠠᠰ ᠤᠨ ᠴᠠᠭᠠᠭᠤᠷ  

ᠨᠠᠭᠠᠳᠴᠤ ᠶᠠᠪᠣᠭᠰᠠᠭᠠᠷ ᠳᠦᠭᠡᠷᠢᠪᠡ    

ᠰᠢᠭᠢᠷᠳᠤ ᠶᠢᠨ ᠴᠠᠭᠠᠨ ᠠᠭᠤᠯᠠᠨ ᠳᠤ ᠣᠴᠢᠭᠠᠤᠨ  

ᠰᠢᠭᠢᠷ ᠤᠨ ᠴᠢᠯᠠᠭᠤ ᠡᠮᠭᠦᠪᠡ  

ᠶᠠᠭᠠᠭᠢᠭᠰᠠᠨ ᠠᠮᠳᠠᠳᠠᠢ ᠰᠢᠭᠢᠷ ᠪᠣᠢ  

ᠬᠠᠷᠢᠶ᠎ᠠ  

ᠬᠠᠢ᠌ᠷᠠᠳᠠᠢ ᠡᠵᠢ ᠳᠡᠭᠡᠨ ᠦᠭ‍ᠭᠦᠶ᠎ᠡ  

ᠬᠠᠢ᠌ᠯᠴᠢᠬᠠᠬᠤ ᠪᠣᠢ ᠳ᠋ᠠ ᠭᠡᠵᠤ  

ᠰᠠᠯᠭᠢ ᠰᠦᠷᠤᠨ ᠭᠦᠶ‍ᠦᠵᠡᠢ    

ᠪᠣᠷᠤᠭ ᠪᠣᠷᠤᠭ ᠱᠤᠭᠰᠢᠨ  

ᠪᠣᠷᠤ ᠡᠪᠠᠰᠤ ᠦᠨᠦᠷᠯᠠᠨ  

ᠪᠣᠴᠠᠬᠤ ᠨᠠᠷᠠ ᠶᠢ ᠬᠤᠷᠮᠣᠢ᠌ᠳᠠᠨ  

ᠰᠠᠷᠠᠨ ᠤ ᠮᠢᠩᠭ᠋ᠠᠨ ᠠᠭᠤᠯᠠᠰ ᠤᠨ ᠨᠠᠭᠠᠭᠤᠷ  

ᠰᠠᠵᠢᠯᠠᠭᠤᠯᠤᠭᠰᠠᠭᠠᠷ ᠶᠠᠪᠣᠳᠠᠯ᠎ᠠ  

ᠭᠦᠳᠦᠯ ᠤᠨ ᠴᠠᠭᠠᠨ᠎ᠠ ᠡᠴᠡ ᠡᠵᠢ ᠶᠢᠨ ᠭᠢᠨᠢ  

ᠭᠦᠯ ᠤᠨ ᠴᠢᠮᠡᠭᠡ ᠳᠤᠭᠤᠯᠳᠠᠪᠠ ᠭᠡᠨ᠎ᠡ》 ᠭᠡᠵᠤ ᠬᠡᠦᠬᠡᠳ ᠤᠨ ᠣᠢ᠌ᠯᠠ ᠭᠦᠳᠡᠯᠦᠯ᠂ ᠭᠡᠦᠭᠡᠳᠯᠢᠭ᠌ ᠴᠠᠭᠠᠪᠣᠷ ᠬᠠᠢ᠌ᠷ᠎ᠠ ᠰᠡᠳᠬᠢᠯᠭᠡ ᠶᠢ ᠭᠦᠮᠦᠰ ᠤᠨ ᠰᠡᠳᠭᠢᠯ ᠢ ᠭᠦᠳᠡᠯᠭᠡᠮ᠎ᠡ ᠥᠵᠡᠭ᠍ᠳᠡᠵᠤ ᠬᠠᠷᠠᠭᠳᠠᠮ᠎ᠠ ᠳᠦᠷᠰᠤᠯᠠᠨ ᠥᠵᠡᠭᠦᠯᠪᠡ᠃   

    ᠬᠤᠶᠠᠷ᠂ ᠳᠠᠪᠳᠠᠯᠳᠠ ᠳᠠᠪᠬᠤᠷᠳᠠᠯ᠃ ᠳᠠᠪᠳᠠᠯᠳᠠ ᠳᠠᠪᠬᠤᠷᠳᠠᠯ ᠪᠣᠯ ᠬᠡᠦᠬᠡᠳ ᠤᠨ ᠰᠢᠯᠦᠭ᠌ ᠤᠨ ᠳᠤᠮᠤᠴᠤᠤᠯ ᠤᠨ ᠰᠢᠯᠦᠭ᠌ ᠡᠴᠠ ᠢᠯᠭᠠᠭᠳᠠᠬᠤ ᠨᠢᠭᠡ ᠴᠢᠬᠤᠯᠠ ᠣᠠᠴᠠᠯᠢᠭ ᠪᠣᠯᠤᠨ᠎ᠠ᠃ ᠡᠨᠡ ᠳᠠᠯ᠎ᠠ ᠪᠠᠷ ᠶᠠᠭ ᠳᠠᠭᠤᠤ ᠶᠢᠨ ᠥᠭᠡ ᠲᠡᠶ ᠳᠦᠰᠦᠭᠡᠳᠡᠢ᠃ ᠶᠠᠮᠠᠷ ᠴᠤ ᠳᠠᠪᠳᠠᠯᠳᠠ ᠳᠠᠪᠬᠤᠷᠳᠠᠯ ᠦᠭᠡᠶ ᠰᠢᠯᠦᠭ᠌ ᠨᠢ ᠬᠡᠦᠬᠡᠳ ᠤᠨ ᠰᠢᠯᠦᠭ᠌ ᠤᠨ ᠭᠦᠭᠡᠷᠦᠭᠦᠨ ᠴᠤᠪᠣᠭᠤ ᠢᠳᠡᠯᠢᠭ᠌ ᠣᠠᠴᠠᠯᠢᠭ ᠢ ᠭᠠᠷᠭᠠᠵᠤ ᠴᠢᠳᠠᠬᠤ ᠪᠠᠷ ᠳᠤᠳᠠᠮᠠᠭ ᠪᠣᠯᠳᠠᠭ᠃ ᠳᠠᠪᠳᠠᠯᠳᠠ ᠳᠤ ᠥᠭᠡ ᠶᠢᠨ ᠳᠠᠪᠳᠠᠯᠳᠠ᠂ ᠮᠦᠷ ᠤᠨ ᠳᠠᠪᠳᠠᠯᠳᠠ ᠭᠢᠭᠡᠳ ᠪᠠᠳᠠᠭ ᠤᠨ ᠳᠠᠪᠳᠠᠯᠳᠠ ᠭᠡᠵᠤ ᠭᠡᠳᠤᠨ ᠵᠣᠢ᠌ᠯ ᠪᠠᠢ᠌ᠳᠠᠭ᠃ ᠥᠭᠡ ᠶᠢᠨ ᠳᠠᠪᠳᠠᠯᠳᠠ ᠨᠢ ᠮᠦᠷ ᠪᠦᠷᠢ ᠶᠢᠨ ᠡᠴᠦᠰ ᠤᠨ ᠥᠭᠡ ᠪᠠᠷ ᠳᠠᠷᠠᠭᠠᠯᠠᠨ ᠳᠠᠪᠳᠠᠬᠤ ᠪᠣᠶᠤ ᠮᠦᠷ ᠠᠯᠭᠠᠰᠠᠨ ᠳᠠᠪᠳᠠᠬᠤ᠂ ᠮᠦᠷ ᠬᠤᠤᠰᠯᠠᠨ ᠳᠠᠪᠳᠠᠵᠤ ᠪᠦᠷ ᠪᠠᠢ᠌ᠵᠤ ᠪᠣᠯᠳᠠᠭ᠃    《ᠨᠠᠮᠤᠭ ᠤᠨ ᠮᠡᠯᠡᠭᠡᠢ》   (ᠭᠦᠷᠵᠡᠪ) ᠳᠤ᠄   

  

《ᠨᠠᠮᠤᠭ ᠤᠨ ᠮᠡᠯᠡᠭᠡᠢ ᠯᠠᠭ ᠯᠠᠭ  

ᠨᠠᠮᠤᠭ ᠰᠢᠪᠠᠷ ᠲᠠᠭᠠᠨ ᠯᠠᠭ ᠯᠠᠭ  

ᠨᠠᠮ᠎ᠠ ᠶᠢ ᠬᠠᠷᠠᠭᠠᠤᠨ ᠶᠠᠭᠤ ᠭᠡᠵᠤ ᠪᠦᠯᠳᠡᠢ᠌ᠭᠡ ᠪᠣᠢ︖     

ᠨᠠᠭᠠᠳᠤᠶ᠎ᠠ ᠭᠡᠵᠤ ᠪᠣᠳᠤᠵᠤ ᠪᠠᠢ᠌ᠭ᠎ᠠ ᠦᠦ︖       

  

ᠨᠠᠮᠤᠭ ᠤᠨ ᠮᠡᠯᠡᠭᠡᠢ ᠯᠠᠭ ᠯᠠᠭ  

ᠨᠠᠮᠤᠭ ᠰᠢᠪᠠᠷ ᠲᠠᠭᠠᠨ ᠯᠠᠭ ᠯᠠᠭ  

ᠨᠠᠮ᠎ᠠ ᠶᠢ ᠥᠵᠡᠭᠡᠳ ᠶᠠᠭᠤ ᠭᠡᠵᠤ ᠠᠩᠭ᠋ᠠᠢ᠌ᠭ᠎ᠠ ᠪᠣᠢ︖     

ᠨᠠᠰᠢ ᠪᠠᠨ ᠢᠷ᠎ᠠ ᠭᠡᠵᠤ ᠭᠡᠯᠡᠵᠤ ᠪᠠᠢ᠌ᠭ᠎ᠠ ᠦᠦ︖       

  

ᠨᠠᠮᠤᠭ ᠤᠨ ᠮᠡᠯᠡᠭᠡᠢ ᠯᠠᠭ ᠯᠠᠭ  

ᠨᠠᠮᠤᠭ ᠰᠢᠪᠠᠷ ᠲᠠᠭᠠᠨ ᠯᠠᠭ ᠯᠠᠭ  

ᠨᠠᠮᠤᠷ ᠤᠨ ᠰᠤᠷᠤᠯᠭ᠎ᠠ ᠡᠭᠢᠯᠡᠴᠢᠭᠡᠭ᠍ᠰᠡᠨ ᠳᠤᠯᠠ  

ᠨᠠᠳᠠ ᠶᠠᠷᠤ ᠴᠢᠯᠦᠭᠡ ᠦᠭᠡᠶ》 ᠭᠡᠰᠡᠨ᠃ ᠡ᠊ᠨᠳᠡ 《ᠨᠠᠮᠤᠭ ᠤᠨ ᠮᠡᠯᠡᠭᠡᠢ ᠯᠠᠭ ᠯᠠᠭ ᠨᠠᠮᠤᠭ ᠰᠢᠪᠠᠷ ᠲᠠᠭᠠᠨ ᠯᠠᠭ ᠯᠠᠭ》 ᠭᠡᠭᠦ ᠬᠤᠤᠰ ᠮᠦᠷ ᠢ ᠪᠠᠳᠠᠭ ᠪᠦᠷᠢ ᠶᠢᠨ ᠡᠭᠢᠨ ᠳᠤ ᠳᠠᠪᠳᠠᠭᠰᠠᠨ ᠨᠢ ᠣᠭᠳᠤᠬᠠᠨ ᠴᠤ ᠢᠯᠡᠭᠦᠴᠡ ᠭᠡᠵᠤ ᠰᠠᠨᠠᠭᠳᠠᠬᠤ ᠦᠭᠡᠶ᠂ ᠬᠠᠷᠢᠨ ᠮᠡᠯᠡᠭᠡᠢ ᠶᠢᠨ ᠯᠠᠭ ᠯᠠᠭ ᠭᠡᠮᠡᠨ ᠵᠤᠭᠰᠤᠯ ᠦᠭᠡᠶ ᠥᠰᠦᠷᠭᠢᠯᠡᠳᠡᠭ᠌ ᠭᠦᠳᠡᠯᠭᠡᠭᠡᠨ ᠢ ᠣᠯᠠᠮ ᠶᠢᠡᠷ ᠪᠠᠳᠤᠤᠠᠬᠠᠨ ᠨᠤᠳᠠᠯᠠᠨ ᠪᠠᠳᠤᠯᠠᠵᠤ᠂ ᠳᠦᠷᠰᠤᠯᠠᠵᠤ ᠴᠢᠳᠠᠭᠰᠠᠨ ᠪᠦᠭᠡᠳ 《ᠪᠢ》   ᠵᠢᠨ ᠮᠡᠯᠡᠭᠡᠢ ᠶᠢ ᠳᠤᠭᠤᠵᠤ ᠪᠠᠬᠠᠷᠠᠬᠤ ᠶᠢᠨ ᠭᠦᠴᠤᠨ ᠳᠤ ᠳᠠᠰᠤᠷᠠᠯᠳᠠ ᠦᠭᠡᠶ ᠳᠠᠭᠠᠵᠤ ᠨᠡᠭᠡᠮᠵᠢᠯᠡᠨ ᠳᠠᠯᠪᠢᠯ ᠦᠭᠡᠶ ᠳᠠᠭᠠᠵᠤ ᠰᠤᠨᠢᠷᠬᠠᠨ ᠥᠵᠡᠭ᠍ᠰᠡᠨ᠂ ᠳᠡᠭᠦᠡᠴᠢᠯᠡᠨ ᠮᠡᠯᠡᠭᠡᠢ ᠲᠡᠶ ᠨᠠᠭᠠᠳᠤᠬᠤ ᠭᠡᠰᠡᠨ ᠲᠦᠮᠡᠨ ᠬᠤᠪᠢ ᠶᠢᠨ ᠳᠤᠯᠭᠠᠮ᠎ᠠ ᠴᠢᠩᠭ᠎ᠠ ᠭᠦᠰᠡᠯ ᠢ ᠨᠢ ᠣᠯᠠᠮ ᠯᠠᠪᠰᠢᠷᠠᠭᠤᠯᠤᠨ ᠢᠯᠡᠳᠭᠡᠵᠤ ᠭᠠᠷᠭᠠᠪᠠ᠃ ᠭᠡᠪᠠᠴᠤ ᠪᠢᠴᠢᠬᠠᠨ 《ᠪᠢ》 ᠭᠡᠳᠥᠢᠪᠠᠷ 《ᠯᠠᠭ ᠯᠠᠭ》 ᠥᠰᠦᠷᠳᠡᠭ᠌ ᠭᠦᠭᠡᠷᠦᠭᠦᠨ ᠮᠡᠯᠡᠭᠡᠢ ᠲᠡᠶ ᠨᠠᠭᠠᠳᠤᠬᠤ ᠳᠤᠷ᠎ᠠ ᠶᠡᠭᠡ ᠪᠠᠷ ᠭᠦᠷᠦᠪᠠᠴᠤ 《ᠨᠠᠮᠤᠷ ᠤᠨ ᠰᠤᠷᠤᠯᠭ᠎ᠠ ᠡᠭᠢᠯᠡᠴᠢᠭᠡᠭ᠍ᠰᠡᠨ ᠳᠤᠯᠠ ᠨᠠᠳᠠ ᠶᠠᠷᠤ ᠴᠢᠯᠦᠭᠡ ᠦᠭᠡᠶ》   ᠭᠡᠵᠤ ᠣᠬᠠᠭᠠᠠᠳᠠᠢ ᠳᠠᠳᠠᠭᠠᠯᠵᠠᠪᠠ᠃ ᠡᠨᠡ ᠨᠢ ᠪᠦᠷ ᠴᠤ ᠬᠡᠦᠬᠡᠳ ᠤᠨ ᠭᠢ ᠣᠠᠴᠠᠯᠢᠭ ᠢ ᠭᠦᠢᠴᠡᠳᠭᠡᠨ ᠥᠵᠡᠭᠦᠯᠦᠭ᠍ᠰᠡᠨ ᠪᠠᠢ᠌ᠵᠤ ᠳᠤᠮᠤᠭ᠎ᠠ ᠲᠡᠶ ᠪᠣᠳᠤᠯᠭ᠎ᠠ ᠲᠡᠶ ᠣᠬᠠᠭᠠᠯᠢᠭ ᠭᠦᠭᠡᠷᠦᠭᠦᠨ ᠬᠡᠦᠬᠡᠳ ᠤᠨ ᠳᠦᠷᠢ ᠶᠢ ᠪᠦᠳᠦᠭᠡᠵᠤ ᠪᠣᠰᠭᠭᠰᠠᠨ ᠶᠢᠡᠷ ᠶᠢᠡᠨ ᠳᠤᠩ ᠶᠡᠭᠡ ᠠᠬᠤᠢ᠌ᠴᠢ ᠠᠴᠢ ᠬᠤᠯᠪᠣᠭᠳᠠᠯ ᠲᠡᠶ᠃     

     《ᠬᠡᠦᠬᠡᠳ ᠮᠢᠨᠤ ᠥᠭᠡ》   (ᠮᠥᠩᠭᠡᠪᠠᠶᠡᠷ)  ᠳ᠋ᠡᠭᠢ ᠳᠠᠪᠳᠠᠯᠳᠠ ᠨᠢ ᠥᠭᠡ ᠶᠢᠨ ᠪᠣᠶᠤ ᠮᠦᠷ ᠪᠠᠳᠠᠭ ᠤᠨ ᠳᠠᠪᠳᠠᠯᠳᠠ ᠪᠢᠰᠢ ᠬᠠᠷᠢᠨ ᠣᠤᠠᠬ᠎ᠠ ᠤᠢ᠌ᠷᠠᠯᠴᠠᠭ᠎ᠠ ᠥᠭᠡᠰ ᠢ ᠳᠤᠰᠬᠠᠢ᠌ᠯᠠᠨ ᠯᠠᠪᠰᠢᠷᠠᠭᠤᠯᠵᠤ ᠳᠠᠪᠳᠠᠭᠰᠠᠨ ᠨᠢ ᠪᠠᠰᠠ ᠴᠤ ᠭᠦᠭᠡᠷᠦᠭᠦᠨ᠃   

《ᠡᠯᠡᠰᠤ ᠰᠢᠷᠤᠢ᠂ ᠡᠯᠡᠰᠤ ᠰᠢᠷᠤᠢ ᠡ︕       

ᠪᠢᠳᠡᠭᠡᠢ ᠭᠡᠢ᠌ᠰᠦᠭᠡᠷᠡᠢ  

ᠨᠢᠳᠤᠨ ᠳᠤ ᠣᠷᠤᠪᠠᠯ    

ᠡᠵᠢ ᠮᠢᠨᠢ ᠵᠤᠪᠠᠨ᠎ᠠ ᠰᠢᠤ  

ᠥᠭᠡᠯᠡᠢ ᠪᠣᠯᠬᠤ ᠶᠢ ᠮᠢᠨᠢ    

ᠭᠦᠯᠢᠶᠡᠵᠤ ᠪᠠᠢ᠌ᠭᠠᠷᠠᠢ  

ᠡᠩᠭᠦᠷᠡᠢ ᠪᠠᠶ᠎ᠠ ᠮᠢᠨᠢ    

ᠥᠭᠡᠯᠡᠢ ᠪᠣᠯᠪᠠᠯ    

ᠡᠭᠡ ᠭᠠᠵᠠᠷ ᠵᠢᠠᠨ    

ᠨᠤᠭᠤᠭᠠᠨ ᠶᠢᠡᠷ ᠴᠢᠮᠡᠭᠦ ᠶᠤᠮ ᠰᠢᠤ︕   》       

《ᠳᠤᠭᠤᠰᠤ ᠰᠢᠷᠤᠢ᠂ ᠳᠤᠭᠤᠰᠤ ᠰᠢᠷᠤᠢ ᠡ︕     

ᠪᠣᠤ ᠳᠡᠭ᠍ᠳᠡᠭᠡᠷᠡᠢ  

ᠳᠤᠯᠤᠭᠠᠢ ᠡᠪᠠᠦᠡᠪᠠᠯ    

ᠠᠪᠣ ᠮᠢᠨᠢ ᠵᠤᠪᠠᠨ᠎ᠠ ᠰᠢᠤ  

ᠳᠤᠮᠤ ᠪᠣᠯᠬᠤ ᠶᠢ ᠮᠢᠨᠢ    

ᠭᠦᠯᠢᠶᠡᠵᠤ ᠪᠠᠢ᠌ᠭᠠᠷᠠᠢ  

ᠳᠦᠷᠦᠭ᠍ᠰᠡᠨ ᠪᠠᠶ᠎ᠠ ᠮᠢᠨᠢ    

ᠳᠤᠮᠤ ᠪᠣᠯᠪᠠᠯ  

ᠳᠡᠯᠡᠭᠡᠢ ᠶ‍ᠢᠷᠳᠢᠠᠴᠤ ᠪᠠᠨ    

ᠨᠤᠭᠤᠭᠠᠨ ᠶᠢᠡᠷ ᠴᠢᠮᠡᠭᠦ ᠶᠤᠮ ᠰᠢᠤ︕   》 ᠭᠡᠭᠦ ᠣᠤᠠᠬ᠎ᠠ ᠶᠢᠨ ᠳᠠᠪᠳᠠᠯᠳᠠ ᠪᠠᠷ ᠣᠬᠠᠭᠠᠨ ᠳᠤᠮᠤᠭ᠎ᠠ ᠲᠡᠶ᠂ ᠠᠯᠤᠰ ᠭᠦᠰᠡᠯᠡᠩ ᠲᠡᠶ᠂ ᠪᠠᠢ᠌ᠭᠠᠯᠢ ᠳᠡᠯᠡᠭᠡᠢ ᠳᠡᠭᠡᠨ ᠬᠠᠢ᠌ᠷᠠᠳᠠᠢ ᠪᠢᠴᠢᠬᠠᠨ ᠬᠡᠦᠬᠡᠳ ᠤᠨ ᠳᠦᠷᠢ ᠶᠢ ᠪᠦᠳᠦᠭᠡᠪᠡ᠃     

     ᠮᠥᠩᠭᠡᠪᠠᠶᠡᠷ ᠤᠨ ᠨᠥᠭᠦᠭᠡ ᠨᠢᠭᠡ ᠰᠢᠯᠦᠭ᠌ 《ᠡᠭᠡ ᠭᠡᠯᠡᠨ ᠤ ᠴᠠᠭᠠᠨ ᠳᠤᠯᠤᠭᠠᠢ ᠶᠢᠨ ᠳᠠᠭᠤᠤ》 ᠳᠤ ᠬᠠᠷᠢᠨ ᠪᠠᠳᠠᠭ ᠪᠦᠷᠢ ᠶᠢᠨ ᠡᠭᠢᠨ ᠳᠤ ᠴᠠᠭᠠᠨ ᠳᠤᠯᠤᠭᠠᠢ ᠶᠢ ᠵᠡᠷᠭᠡᠴᠡᠭᠦᠯᠤᠨ ᠳᠠᠪᠳᠠᠭᠰᠠᠨ ᠨᠢ ᠪᠠᠰᠠ ᠴᠤ ᠰᠤᠨᠢᠨ ᠰᠠᠢ᠌ᠬᠠᠨ᠃ ᠰᠢᠯᠦᠭ᠌ ᠲᠤ᠄   

《ᠠ᠊ · ᠡ᠊· ᠢ᠊  ᠪᠠᠨ ᠣᠩᠰᠢᠶ᠎ᠠ  

ᠥᠵᠦᠭ᠌ ᠶᠢᠡᠨ ᠪᠠᠷᠢᠭᠠᠤᠨ ᠪᠢᠴᠢᠶ᠎ᠠ  

ᠠᠪᠣ ᠡᠵᠢ ᠪᠠᠨ ᠭᠦᠡᠳᠦᠯᠡᠭᠦ ᠰᠢᠭ᠌  

ᠡᠭᠡ ᠭᠡᠯᠡ ᠪᠠᠨ ᠬᠠᠢ᠌ᠷᠠᠯᠠᠶ᠎ᠠ    

ᠠᠪᠣ ᠡᠵᠢ ᠪᠠᠨ ᠪᠠᠶᠠᠷᠯᠠᠭᠤᠯᠵᠤ    

ᠡᠭᠡ ᠭᠡᠯᠡ ᠪᠠᠨ ᠰᠤᠷᠤᠶ᠎ᠠ  

  

ᠪᠠ᠊ · ᠪᠠ᠊ · ᠪᠢ᠊  ᠪᠠᠨ ᠣᠩᠰᠢᠶ᠎ᠠ  

ᠪᠢᠷ ᠶᠢᠡᠨ ᠪᠠᠷᠢᠭᠠᠤᠨ ᠪᠢᠴᠢᠶ᠎ᠠ  

ᠪᠠᠭᠰᠢ ᠨᠡᠷ ᠶᠢᠡᠨ ᠭᠦᠡᠳᠦᠯᠡᠭᠦ ᠰᠢᠭ᠌  

ᠪᠠᠶᠠᠯᠢᠭ ᠭᠡᠯᠡ ᠪᠠᠨ ᠬᠠᠢ᠌ᠷᠠᠯᠠᠶ᠎ᠠ    

ᠪᠠᠭᠰᠢ ᠨᠡᠷ ᠶᠢᠡᠨ ᠪᠠᠶᠠᠷᠯᠠᠭᠤᠯᠵᠤ    

ᠪᠠᠶᠠᠯᠢᠭ ᠭᠡᠯᠡ ᠪᠠᠨ ᠰᠤᠷᠤᠶ᠎ᠠ  

  

ᠴᠠ᠊ · ᠴᠠ᠊ · ᠴᠢ᠊  ᠪᠠᠨ ᠣᠩᠰᠢᠶ᠎ᠠ  

ᠴᠡᠭᠡᠵᠢ ᠪᠠᠷ ᠪᠢᠴᠢᠵᠤ ᠪᠣᠯᠪᠠᠰᠤᠷᠠᠶ᠎ᠠ  

ᠴᠢᠩᠭᠢᠰ ᠳᠡᠭᠡᠳᠤ ᠪᠠᠨ ᠭᠦᠡᠳᠦᠯᠡᠭᠦ ᠰᠢᠭ᠌  

ᠴᠠᠭᠠᠨ ᠳᠤᠯᠤᠭᠠᠢ ᠪᠠᠨ ᠬᠠᠢ᠌ᠷᠠᠯᠠᠶ᠎ᠠ    

ᠠᠷᠠᠤᠨ ᠲᠦᠮᠡᠨ ᠶᠢᠡᠨ ᠪᠠᠶᠠᠷᠯᠠᠭᠤᠯᠵᠤ    

ᠦᠪᠡᠷ ᠤᠨ ᠰᠤᠶᠤᠯ ᠶᠢᠡᠨ ᠭᠦᠭ᠍ᠵᠢᠭᠦᠯᠦᠶ᠎ᠡ》 ᠭᠡᠵᠤ ᠣᠷᠠᠨ ᠳᠤᠳᠤ ᠰᠢᠯᠦᠭᠯᠡᠪᠡ᠃   

    ᠭᠤᠷᠪᠠ᠂ ᠬᠡᠦᠬᠡᠳ ᠤᠨ ᠰᠢᠯᠦᠭ᠌ ᠤᠨ ᠰᠠᠨᠠᠭ᠎ᠠ ᠪᠠ᠂ ᠠᠢ᠌ᠵᠠᠮ ᠭᠡᠯᠪᠠᠷᠢ᠃ ᠬᠡᠦᠬᠡᠳ ᠤᠨ ᠰᠢᠯᠦᠭ᠌ ᠤᠨ ᠰᠠᠨᠠᠭ᠎ᠠ ᠨᠢ ᠢᠯᠠ ᠳᠤᠳᠤ᠂ ᠰᠢᠯᠤᠭᠤᠨ ᠴᠠᠭᠠᠨ᠃ ᠠᠢ᠌ᠵᠠᠮ ᠨᠢ ᠬᠦᠩᠭᠡᠨ ᠴᠤᠪᠣᠭᠤ᠂ ᠳᠡᠭ᠍ᠵᠢᠨ ᠭᠦᠭᠡᠷᠦᠭᠦᠨ᠃ ᠭᠡᠯᠪᠠᠷᠢ ᠨᠢ ᠳᠦᠭᠦᠮ ᠳᠦᠳᠠ ᠣᠬᠤᠷ ᠠᠪᠰᠠᠷᠬᠠᠨ ᠪᠠᠢ᠌ᠬᠤ ᠭᠡᠷᠡᠭ᠍ᠳᠡᠢ᠃ ᠬᠡᠦᠬᠡᠳ ᠤᠨ ᠰᠢᠯᠦᠭ᠌ ᠢ ᠪᠦᠳᠡᠭᠢᠵᠢᠭᠦᠯᠭᠦ ᠪᠣᠶᠤ ᠠᠢ᠌ᠵᠠᠮ ᠢ ᠨᠢ ᠳᠤᠳᠤᠭᠠᠳᠤ ᠰᠡᠳᠬᠢᠯᠭᠡ ᠶᠢᠨ ᠭᠢ 《ᠨᠢᠭᠤᠴᠠ ᠠᠢ᠌ᠵᠠᠮ》 ᠲᠡᠶ ᠪᠣᠯᠭᠠᠬᠤ᠂ ᠠᠢ᠌ᠵᠠᠮ ᠳᠠᠰᠤᠯᠳᠠᠭᠤᠯᠬᠤ᠂ ᠭᠡᠯᠪᠠᠷᠢ ᠶᠢ ᠨᠢ ᠭᠡᠳᠤ ᠪᠣᠳᠤᠯᠢᠶᠠᠠᠳᠠᠢ ᠪᠣᠯᠭᠠᠬᠤ ᠨᠢ ᠪᠦᠷ ᠴᠤ ᠬᠡᠦᠬᠡᠳ ᠤᠨ ᠰᠢᠯᠦᠭ᠌ ᠪᠢᠴᠢᠭᠦ ᠶᠢᠨ ᠴᠡᠭᠡᠷᠯᠡᠯ ᠪᠤᠯᠤᠨ᠎ᠠ᠃   ᠬᠡᠦᠬᠡᠳ ᠲᠤ ᠪᠦᠳᠡᠭᠢ ᠰᠢᠯᠦᠭ᠌ ᠪᠢᠴᠢᠵᠤ ᠣᠭᠳᠤ ᠪᠣᠯᠬᠤ ᠦᠭᠡᠶ᠃ ᠬᠡᠦᠬᠡᠳ ᠤᠨ ᠰᠢᠯᠦᠭ᠌ ᠤᠨ ᠮᠦᠷ ᠳᠠᠭᠢ ᠥᠭᠡ ᠶᠢᠨ ᠳᠤᠭ᠎ᠠ ᠶᠢ ᠭᠡᠳᠦᠷᠭᠡᠢ ᠣᠷᠳᠤ ᠰᠤᠠᠵᠢᠷᠠᠭᠤᠯᠵᠤ ᠪᠣᠯᠬᠤ ᠦᠭᠡᠶ᠃ ᠬᠡᠦᠬᠡᠳ ᠤᠨ ᠰᠢᠯᠦᠭ᠌ ᠪᠣᠯ ᠪᠠᠷᠤᠭ ᠪᠦᠭᠦᠨ ᠶᠢᠡᠷ ᠶᠢᠡᠨ ᠬᠡᠦᠬᠡᠳ ᠤᠨ ᠶᠡᠭᠡ ᠳᠠᠭᠤ ᠪᠠᠷ ᠣᠷᠠᠨ ᠳᠤᠳᠤ ᠣᠩᠰᠢᠬᠤ ᠳᠤ ᠵᠤᠭᠢᠴᠠᠭᠰᠠᠨ ᠪᠠᠢ᠌ᠬᠤ ᠭᠡᠷᠡᠭ᠍ᠳᠡᠢ᠃ ᠬᠡᠦᠬᠡᠳ ᠳᠤᠮᠤ ᠭᠦᠮᠤᠨ ᠰᠢᠭ᠌ ᠶᠢᠡᠷ ᠰᠢᠯᠦᠭ᠌ ᠢ 《ᠨᠢᠳᠤᠯᠠᠨ ᠣᠩᠰᠢᠳᠠᠭ》 ᠦᠭᠡᠶ ᠶᠤᠮ᠃ ᠬᠡᠦᠬᠡᠳ ᠪᠣᠯ ᠬᠡᠦᠬᠡᠳ ᠤᠨ ᠰᠢᠯᠦᠭ᠌ ᠶᠢᠡᠷ ᠶᠢᠡᠨ ᠪᠣᠯᠵᠤᠮᠤᠷ ᠰᠢᠪᠠᠭᠤ᠂ ᠣᠷᠠᠨ ᠴᠡᠭ᠍ᠴᠡᠦᠭᠡᠢ ᠰᠢᠭ᠌ ᠢᠷᠠᠭᠤ ᠰᠤᠨᠤᠰᠬᠤᠯᠠᠩᠳᠠᠢ ᠳᠠᠭᠤᠯᠠᠳᠠᠭ ᠶᠤᠮ︕ ᠬᠠᠩᠭᠢᠨᠠᠨ ᠳᠠᠩᠭᠢᠨᠠᠳᠠᠯ᠎ᠠ ᠶᠡᠭᠡ ᠳᠠᠭᠤ ᠪᠠᠷ ᠣᠩᠰᠢᠳᠠᠭ ᠶᠤᠮ᠃ ᠳᠠᠢ᠌ᠨ ᠭᠦ ᠬᠡᠦᠬᠡᠳ ᠤᠨ ᠰᠢᠯᠦᠭ᠌ ᠨᠢ ᠵᠠᠪᠠᠯ ᠬᠡᠦᠬᠡᠳ ᠤᠨ 《ᠣᠷᠠᠨ ᠳᠤᠳᠤ》 ᠡᠭᠡᠰᠢᠭᠯᠡᠭᠦ ᠳᠤ ᠵᠤᠷᠢᠭᠤᠯᠤᠭᠳᠠᠭᠰᠠᠨ ᠪᠠᠢ᠌ᠭ᠎ᠠ ᠶᠢ ᠣᠮᠳᠤᠭᠠᠢ᠌ᠯᠠᠵᠤ ᠦᠯᠦ ᠪᠣᠯᠤᠨ᠎ᠠ᠃ ᠬᠡᠦᠬᠡᠳ ᠤᠨ ᠰᠢᠯᠦᠭ᠌ ᠨᠢ ᠢᠷᠠᠭᠤ ᠳᠤᠳᠤ ᠣᠩᠰᠢᠪᠣᠷᠢᠳᠠᠢ ᠰᠠᠢ᠌ᠬᠠᠨ ᠪᠠᠢ᠌ᠳᠠᠭ ᠡᠴᠠ ᠪᠢᠰᠢ᠂ ᠬᠠᠷᠢᠨ ᠨᠢᠳᠤ ᠪᠠᠨ ᠠᠨᠢᠭᠠᠤᠨ ᠰᠡᠳᠭᠢᠯ ᠭᠦᠡᠳᠦᠷᠡᠭᠡᠨ ᠰᠠᠳᠭᠢᠨ ᠪᠣᠳᠤᠯᠭᠢᠯᠠᠭᠤᠰᠢᠳᠠᠢ ᠰᠢᠯᠦᠭ᠌ ᠪᠠᠢ᠌ᠳᠠᠭ ᠪᠢᠰᠢ ᠶᠤᠮ᠃   

     ᠵᠠᠷᠢᠮ ᠬᠡᠦᠬᠡᠳ ᠤᠨ ᠰᠢᠯᠦᠭ᠌ ᠨᠢ ᠣᠤᠠᠬ᠎ᠠ ᠰᠠᠨᠠᠭ᠎ᠠ ᠨᠢ ᠪᠣᠳᠤᠯᠢᠶᠠᠠᠳᠠᠢ᠂ ᠳᠠᠪᠤᠨ ᠥᠭᠡ ᠶᠢᠨ ᠭᠡᠮᠵᠢᠶᠡᠳᠤ ᠰᠢᠯᠦᠭ᠌ ᠪᠣᠯᠴᠢᠬᠠᠭᠰᠠᠨ ᠪᠠᠢ᠌ᠵᠤ ᠥᠭᠡ ᠠᠢ᠌ᠵᠠᠮ ᠨᠢ ᠴᠤ ᠪᠦᠷ ᠳᠤᠮᠤ ᠭᠦᠮᠤᠨ ᠤ ᠭᠢ ᠪᠣᠯᠤᠭᠰᠠᠨ ᠪᠠᠢ᠌ᠳᠠᠭ᠃ ᠡᠭᠦᠨ ᠢ ᠬᠡᠦᠬᠡᠳ ᠤᠨ ᠰᠢᠯᠦᠭ᠌ ᠭᠡᠭᠦ ᠳᠤ ᠳᠤᠩ ᠪᠠᠷᠭᠡᠳᠡᠢ᠃   

《ᠠᠷᠭᠠᠯ ᠤᠨ ᠣᠳᠤᠭ᠎ᠠ ᠠᠶᠠᠷᠬᠠᠨ ᠰᠤᠭᠤᠨᠠᠭᠯᠠᠭᠰᠠᠨ  

ᠠᠯᠢᠶᠠᠷᠬᠠᠭ ᠳᠤᠷᠭᠠᠨ ᠢᠨᠢᠶᠠᠳᠤ ᠮᠢᠨᠤ ᠡᠭᠡ ᠰᠤᠷᠭᠠᠭᠤᠯᠢ  

ᠠᠢ᠌ᠯ ᠠᠢ᠌ᠯ ᠤᠨ ᠡᠭᠦᠳᠡᠨ ᠡᠴᠠ ᠴᠤᠪᠣᠭ᠎ᠠ ᠳᠠᠳᠠᠭᠰᠠᠨ  

ᠠᠩᠭᠢᠷ ᠨᠠᠰᠤᠨ ᠤ ᠥᠯᠦᠭᠡᠢ ᠮᠤᠩᠭ᠋ᠤᠯ ᠰᠤᠷᠭᠠᠭᠤᠯᠢ    

  

ᠳᠡᠭ᠍ᠷᠢᠯᠢᠭ᠌ ᠭᠡᠯᠡᠨ ᠤ ᠰᠠᠯᠭᠢ ᠰᠠᠩᠭᠢᠨᠠᠨ ᠥᠯᠢᠶᠡᠭ᠍ᠰᠡᠨ  

ᠳᠠᠷᠠᠰᠤ ᠲᠡᠶ ᠨᠤᠭᠤᠭᠠᠨ ᠥᠡᠳᠦᠷᠯᠢᠭ᠌ ᠮᠢᠨᠤ ᠡᠭᠡ ᠰᠤᠷᠭᠠᠭᠤᠯᠢ  

ᠳᠡᠭ᠍ᠳᠡᠭᠡᠢ ᠪᠦᠷᠭᠦᠤᠨ ᠳᠠᠯᠠᠪᠴᠢ ᠪᠠᠨ ᠳᠡᠯᠭᠡᠨ ᠳᠡᠭᠦᠯᠢᠭ᠍ᠰᠡᠨ  

ᠳᠡᠭᠡᠳᠦᠰ ᠤᠨ ᠰᠠᠢ᠌ᠬᠠᠨ ᠥᠡᠳᠦᠷᠯᠢᠭ᠌ ᠮᠢᠨᠤ ᠡᠭᠡ ᠰᠤᠷᠭᠠᠭᠤᠯᠢ》   (ᠪ᠊·ᠪᠢᠯᠢᠭ᠌)  ᠡ᠊ᠨᠳᠡ 《ᠢᠨᠢᠶᠠᠳᠤ》 ᠪᠠ 《ᠠᠢ᠌ᠯ ᠤᠨ ᠡᠭᠦᠳᠡᠨ ᠡᠴᠠ ᠴᠤᠪᠣᠭ᠎ᠠ ᠳᠠᠳᠠᠭᠰᠠᠨ ᠥᠯᠦᠭᠡᠢ ᠊᠊᠊᠊᠊᠊᠊᠊᠊᠊᠊᠊᠊᠊᠊ ᠮᠢᠨᠤ ᠡᠭᠡ ᠰᠤᠷᠭᠠᠭᠤᠯᠢ》᠂    《ᠰᠠᠯᠭᠢ ᠥᠯᠢᠶᠡᠭ᠍ᠰᠡᠨ ᠥᠡᠳᠦᠷᠯᠢᠭ᠌ ᠮᠢᠨᠤ ᠡᠭᠡ ᠰᠤᠷᠭᠠᠭᠤᠯᠢ》᠂    《ᠳᠡᠭ᠍ᠳᠡᠭᠡᠢ ᠪᠦᠷᠭᠦᠤᠨ ᠳᠠᠯᠠᠪᠴᠢ ᠪᠠᠷ ᠳᠡᠯᠭᠡᠨ ᠳᠡᠭᠦᠯᠢᠭ᠍ᠰᠡᠨ ᠊᠊᠊᠊᠊᠊᠊᠊᠊᠊᠊᠊᠊᠊᠊ ᠳᠡᠭᠡᠳᠦᠰ ᠤᠨ ᠰᠠᠢ᠌ᠬᠠᠨ ᠥᠡᠳᠦᠷᠯᠢᠭ᠌ ᠮᠢᠨᠤ ᠡᠭᠡ ᠰᠤᠷᠭᠠᠭᠤᠯᠢ》 ᠭᠡᠭᠦ ᠮᠠᠳᠤ ᠶᠢᠨ ᠠᠢ᠌ᠵᠠᠮ ᠭᠡᠮᠨᠡᠯ ᠨᠢ᠂ ᠭᠡᠯᠡᠨ ᠤ ᠣᠤᠠᠬ᠎ᠠ ᠪᠦᠭᠦᠢ ᠰᠤᠷᠠᠭ ᠵᠠᠩᠭᠢ ᠨᠢ ᠪᠦᠷ ᠬᠡᠦᠬᠡᠳ ᠤᠨ ᠠᠮᠠᠷᠬᠠᠨ ᠭᠦᠯᠢᠶᠡᠨ ᠠᠪᠴᠤ ᠳᠡᠢ᠌ᠯᠭᠦ ᠠᠢ᠌ᠵᠠᠮ ᠪᠣᠶᠤ ᠰᠢᠯᠦᠭ᠌ ᠤᠨ ᠰᠠᠨᠠᠭ᠎ᠠ ᠪᠣᠯᠵᠤ ᠴᠢᠳᠠᠭ᠎ᠠ ᠦᠭᠡᠶ ᠨᠢ ᠢᠯᠡᠷᠭᠡᠢ᠃   

     ᠨᠢᠭᠡ ᠯᠠ ᠰᠢᠯᠦᠭ᠌ ᠲᠤ ᠭᠡᠳᠤᠨ ᠵᠣᠢ᠌ᠯ ᠤᠨ ᠠᠢ᠌ᠵᠠᠮ ᠰᠤᠯᠢᠬᠤ ᠨᠢ ᠰᠠᠢ᠌ᠨ ᠠᠷᠭ᠎ᠠ ᠪᠢᠰᠢ᠃   

     《ᠠᠷᠭᠠᠯ ᠳᠡᠭᠦᠨ᠎ᠡ ᠪᠢ》   (ᠭᠦᠷᠵᠡᠪ) ᠳᠤ᠄   

《ᠠᠪᠣ ᠶᠢᠨ ᠣᠷᠠᠯᠠᠵᠤ ᠭᠦᠷᠦᠭ᠍ᠰᠡᠨ  

ᠠᠪᠠᠭ᠎ᠠ ᠶᠢᠨ ᠣᠶᠠᠵᠤ ᠥᠳᠡᠭ᠍ᠰᠡᠨ  

ᠠᠪᠰᠠᠷ ᠭᠦᠩᠭᠡᠭᠡᠨ ᠠᠷᠤᠭ ᠶᠢᠡᠨ ᠡᠭᠦᠷᠦᠭᠡᠳ  

ᠠᠰᠬᠠᠨ ᠳᠤᠭᠢᠯᠢᠭ ᠰᠠᠪᠠᠷ ᠶᠢᠡᠨ ᠪᠠᠷᠢᠭᠠᠤᠨ  

ᠠᠷᠭᠠᠯ ᠳᠡᠭᠦᠨ᠎ᠡ᠂ ᠪᠢ      

  

ᠠᠪᠳᠠᠷᠠᠳᠤ ᠶᠢᠨ ᠭᠦᠡᠳᠡᠢ ᠶᠢᠨ ᠭᠡᠪᠳᠡᠯᠭᠡ ᠵᠢ  

ᠠᠷᠰᠠᠯᠠᠩᠳᠤ ᠶᠢᠨ ᠬᠠᠵᠠᠭᠤ ᠶᠢᠨ ᠭᠦᠶ‍ᠦᠳᠡᠭ᠌ ᠢ  

ᠠᠵᠢᠷᠭᠠᠳᠤ ᠶᠢᠨ ᠠᠷᠤ ᠶᠢᠨ ᠵᠤᠭᠰᠤᠭᠠᠯ ᠢ  

ᠠᠮᠪᠠᠳᠤ ᠶᠢᠨ ᠵᠤ᠋ ᠶᠢᠨ ᠵᠤᠰᠠᠭᠠᠯ ᠢ  

ᠠᠯᠠᠭᠯᠠᠵᠤ ᠥᠯᠡᠳᠡᠭᠡᠯ ᠦᠭᠡᠶ᠂     

ᠪᠦᠷᠢᠨ ᠳᠡᠭᠦᠨ᠎ᠡ᠂ ᠪᠢ ᠁       

ᠠᠯᠳᠠᠨ ᠨᠠᠷᠠ ᠶᠢ ᠬᠠᠮᠳᠤᠳᠠ ᠨᠢ ᠊᠊᠊᠊᠊᠊᠊᠊᠊᠊᠊᠊᠊᠊᠊   

ᠳᠡᠭᠦᠨ᠎ᠡ᠂ ᠪᠢ  

ᠠᠮᠢᠳᠤᠷᠠᠯ ᠤᠨ ᠪᠠᠬ᠎ᠠ ᠶᠢ ᠴᠤᠭ ᠲᠤ ᠨᠢ ᠊᠊᠊᠊᠊᠊᠊᠊᠊᠊᠊᠊᠊᠊᠊     

ᠳᠠᠭᠠᠰᠢᠶᠠᠨ᠎ᠠ᠂ ᠪᠢ》 ᠭᠡᠵᠤ ᠬᠤᠶᠠᠷᠬᠠᠨ ᠪᠠᠳᠠᠭ ᠰᠢᠯᠦᠭ᠌ ᠢ ᠬᠤᠶᠠᠷ ᠣᠠᠳᠤᠤ ᠠᠢ᠌ᠵᠠᠮ ᠭᠡᠮᠨᠡᠯ ᠶᠢᠡᠷ ᠪᠢᠴᠢᠭ᠍ᠰᠡᠨ ᠨᠢ ᠳᠤᠰ ᠰᠢᠯᠦᠭ᠌ ᠤᠨ ᠢᠯᠠᠭᠳᠠᠭᠰᠠᠨ ᠤ ᠴᠢᠬᠤᠯᠠ ᠨᠢᠭᠡ ᠰᠢᠯᠳᠠᠭᠠᠨ ᠪᠣᠯᠪᠠ᠃   

     《ᠵᠤᠰᠠᠯᠠᠩ ᠶᠢᠡᠨ ᠵᠢᠷᠦᠶ᠎ᠡ》   (ᠪᠦᠬᠡᠵᠢᠷᠭᠠᠯ)  ᠨᠢ ᠬᠡᠦᠬᠡᠳ ᠤᠨ ᠰᠢᠯᠦᠭ᠌ ᠤᠨ ᠠᠢ᠌ᠵᠠᠮ ᠤᠨ ᠰᠢᠯᠤᠭᠤᠨ ᠪᠣᠶᠤ ᠣᠷᠠᠨ ᠤ ᠬᠤᠪᠢ ᠳᠤ ᠠᠷᠠᠢ ᠨᠠᠢ᠌ᠴᠠᠮ᠎ᠠ ᠦᠭᠡᠶ ᠪᠣᠯᠤᠭᠰᠠᠨ ᠪᠠᠢ᠌ᠳᠠᠭ᠃ ᠳᠤᠰ ᠰᠢᠯᠦᠭ᠌ ᠲᠤ ᠥᠭᠦᠯᠡᠭ᠍ᠳᠡᠭᠦᠨ ᠨᠠᠮᠠᠵᠤ ᠳᠤᠤᠷᠠᠭᠢ ᠰᠢᠭ ᠶᠢᠡᠷ ᠥᠭᠡᠷᠡᠴᠢᠯᠡᠵᠤ ᠬᠤᠪᠢᠷᠠᠭᠤᠯᠤᠨ ᠪᠢᠴᠢᠪᠠᠯ ᠠᠷᠠᠢ ᠳᠡᠭᠡᠷ᠎ᠡ ᠪᠣᠯᠬᠤ ᠰᠢᠭ ᠶᠤᠮ᠃ ᠳᠠᠢ᠌ᠨ ᠭᠦ ᠪᠢ ᠡᠷᠡᠭᠡ ᠥᠭᠡᠢ ᠣᠤᠯ ᠰᠢᠯᠦᠭ᠌ ᠲᠤ 《ᠪᠢᠳᠠ》 ᠭᠡᠭᠦ ᠥᠭᠦᠯᠡᠭ᠍ᠳᠡᠭᠦᠨ ᠢ 《ᠳᠠᠪᠳᠠᠯᠳᠠ》 ᠲᠡᠶ ᠪᠠᠷ ᠨᠠᠮᠠᠵᠤ ᠰᠢᠯᠦᠭ᠌ ᠤᠨ ᠭᠡᠯᠡᠯᠭᠡ ᠢ ᠨᠢ ᠵᠥᠭᠡᠯᠡᠯᠯᠡᠨ ᠭᠢᠯᠪᠠᠷᠴᠢᠯᠠᠵᠤ ᠳᠤᠤᠷᠠᠭᠢ ᠮᠠᠳᠤ ᠪᠠᠷ ᠵᠠᠰᠠᠯᠳᠠ ᠭᠢᠵᠤ ᠦᠵᠡᠪᠠ᠃ ᠢᠩᠭᠢᠭᠦ ᠨᠢ ᠳᠤᠰᠠᠳᠠᠢ ᠠᠵᠢᠯᠯᠠᠭ᠎ᠠ ᠪᠣᠯᠤᠭᠰᠠᠨ ᠴᠤ ᠪᠠᠢ᠌ᠵᠤ ᠮᠡᠳᠡᠭᠦ ᠶᠤᠮ (ᠣᠭ ᠡᠭᠡ ᠨᠢ ᠡ᠊ᠨᠳᠡ ᠬᠠᠭᠤᠯᠤᠭᠰᠠᠨ ᠦᠭᠡᠶ᠃ 《ᠰᠤᠨᠢᠨ ᠮᠡᠳᠡᠭᠡ ᠰᠦᠯᠵᠢᠶ᠎ᠠ》 ᠳᠤ ᠪᠣᠢ)  ᠄   

ᠵᠢᠷᠤᠶ᠎ᠠ ᠵᠢᠷᠤᠶ᠎ᠠ  

ᠵᠢᠷᠤᠭ ᠵᠢᠷᠤᠶ᠎ᠠ ᠡ  

ᠵᠢᠷᠤᠭ ᠤᠨ ᠰᠠᠢ᠌ᠬᠠᠨ    

ᠵᠤᠰᠠᠯᠠᠩ ᠶᠢᠡᠨ ᠵᠢᠷᠤᠶ᠎ᠠ ᠡ  

    

ᠠᠭᠢ ᠶᠢᠨ ᠦᠨᠦᠷ ᠬᠠᠩᠬᠤᠯᠤᠭᠰᠠᠨ  

ᠮᠠᠩᠨᠤᠭ ᠳᠠᠯ᠎ᠠ ᠪᠠᠨ ᠵᠢᠷᠤᠶ᠎ᠠ ᠪᠢᠳᠠ  

ᠠᠷᠭᠠᠯ ᠤᠨ ᠣᠳᠤᠭ᠎ᠠ ᠪᠣᠷᠭᠢᠯᠤᠭᠰᠠᠨ  

ᠮᠤᠩᠭ᠋ᠤᠯ ᠭᠡᠷ ᠶᠢᠡᠨ ᠵᠢᠷᠤᠶ᠎ᠠ ᠪᠢᠳᠠ  

ᠠᠢ᠌ᠯ ᠭᠡᠷ ᠶᠢᠡᠨ ᠳᠤᠳᠤᠮᠳᠠᠭᠰᠠᠨ    

ᠮᠠᠯᠴᠢᠨ ᠡᠵᠢ ᠪᠠᠨ ᠵᠢᠷᠤᠶ᠎ᠠ ᠪᠢᠳᠠ  

ᠠᠳᠠᠯ ᠠᠮᠢᠳᠤᠷᠠᠯ ᠢ ᠪᠠᠶᠠᠵᠢᠭᠤᠯᠤᠭᠰᠠᠨ  

ᠮᠠᠯ ᠰᠦᠷᠦᠭ᠌ ᠶᠢᠡᠨ ᠵᠢᠷᠤᠶ᠎ᠠ ᠪᠢᠳᠠ    

ᠬᠤᠷᠠᠭ᠎ᠠ ᠢᠰᠢᠭᠡ ᠰᠢᠭ᠌ ᠳᠤᠭᠯᠠᠯᠳᠤᠭᠰᠠᠨ  

ᠴᠠᠭᠠᠨ ᠡᠭᠦᠯᠡ ᠪᠠᠨ ᠵᠢᠷᠤᠶ᠎ᠠ ᠪᠢᠳᠠ  

ᠬᠤᠷ᠎ᠠ ᠶᠢᠨ ᠳᠠᠷᠠᠭ᠎ᠠ ᠳᠡᠭ᠍ᠳᠡᠭ᠍ᠰᠡᠨ  

ᠥᠩᠭᠡᠳᠤ ᠰᠤᠯᠤᠩᠭ᠎ᠠ ᠪᠠᠨ ᠵᠢᠷᠤᠶ᠎ᠠ ᠪᠢᠳᠠ  

ᠬᠤᠨ ᠰᠢᠪᠠᠭᠤ ᠭᠠᠩᠨᠠᠨᠠᠯᠳᠤᠭᠰᠠᠨ  

ᠬᠤᠠᠳᠤ ᠶᠢᠨ ᠨᠠᠭᠤᠷ ᠶᠢᠡᠨ ᠵᠢᠷᠤᠶ᠎ᠠ ᠪᠢᠳᠠ  

ᠬᠤᠯᠠ ᠶᠢᠨ ᠳᠡᠷᠳᠡᠭᠡ ᠳᠤ ᠰᠤᠨᠤᠯᠵᠠᠭᠰᠠᠨ  

ᠬᠠᠷᠭᠤᠢ ᠵᠠᠮ ᠶᠢᠡᠨ ᠵᠢᠷᠤᠶ᠎ᠠ ᠪᠢᠳᠠ  

ᠴᠡᠯᠡᠭᠡᠷ ᠭᠦᠳᠡᠭᠡ ᠳᠤ ᠳᠡᠯᠭᠡᠷᠡᠭ᠍ᠰᠡᠨ    

ᠴᠡᠴᠡᠭ᠌ ᠨᠠᠪᠴᠢ ᠪᠠᠨ ᠵᠢᠷᠤᠶ᠎ᠠ ᠪᠢᠳᠠ  

ᠴᠡᠪᠠᠷᠭᠡᠨ ᠳᠠᠠᠵᠢᠨ ᠳᠤ ᠱᠤᠯᠤᠭᠠᠨᠠᠭᠰᠠᠨ  

ᠳᠠᠯᠠᠨ ᠭᠡᠯᠡᠳᠤ ᠪᠠᠨ ᠵᠢᠷᠤᠶ᠎ᠠ ᠪᠢᠳᠠ  

ᠴᠠᠯᠭᠢᠯᠠᠨ ᠴᠠᠯᠭᠢᠯᠠᠨ ᠣᠷᠤᠰᠤᠭᠰᠠᠨ  

ᠭᠤᠤᠯ ᠭᠤᠷᠤᠬ᠎ᠠ ᠪᠠᠨ ᠵᠢᠷᠤᠶ᠎ᠠ ᠪᠢᠳᠠ  

ᠴᠠᠭᠯᠠᠰᠢ ᠦᠭᠡᠶ ᠰᠦᠷ ᠳᠠᠢ  

ᠠᠭᠤᠯᠠ ᠬᠠᠢ᠌ᠷᠬᠠᠨ ᠶᠢᠡᠨ ᠵᠢᠷᠤᠶ᠎ᠠ ᠪᠢᠳᠠ    

ᠵᠢᠷᠤᠶ᠎ᠠ ᠵᠢᠷᠤᠶ᠎ᠠ    

ᠵᠢᠷᠤᠭ ᠵᠢᠷᠤᠶ᠎ᠠ ᠡ  

ᠵᠢᠷᠤᠭ ᠤᠨ ᠰᠠᠢ᠌ᠬᠠᠨ    

ᠵᠤᠰᠠᠯᠠᠩ ᠶᠢᠡᠨ ᠵᠢᠷᠤᠶ᠎ᠠ ᠡ  

     ᠳᠦᠷᠪᠠ᠂ ᠬᠡᠦᠬᠡᠳ ᠤᠨ ᠰᠢᠯᠦᠭ᠌ ᠤᠨ ᠭᠡᠯᠡ ᠭᠡᠯᠡᠯᠭᠡ ᠳᠦᠭᠦᠮ ᠣᠢ᠌ᠯᠠᠭᠠᠮᠵᠢᠳᠠᠢ᠂ ᠣᠷᠤᠰᠤᠮ᠎ᠠ ᠰᠢᠯᠤᠭᠤᠨ᠂ ᠮᠦᠷ ᠪᠠᠳᠠᠭ ᠪᠣᠶᠤ ᠥᠰᠦᠭ᠌ ᠤᠨ ᠳᠤᠭ᠎ᠠ ᠣᠬᠤᠷ ᠠᠪᠰᠠᠷᠬᠠᠨ ᠪᠠᠢ᠌ᠬᠤ ᠭᠡᠷᠡᠭ᠍ᠳᠡᠢ᠃   ᠬᠡᠦᠬᠡᠳ ᠲᠤ ᠬᠡᠦᠬᠡᠳ ᠤᠨ ᠳᠠᠰᠪᠣᠷᠢ ᠳᠠᠪᠴᠢᠶᠠᠷᠢ ᠭᠡᠵᠤ ᠪᠣᠢ᠃ ᠬᠡᠦᠬᠡᠳ ᠤᠨ ᠳᠠᠰᠪᠣᠷᠢ ᠶᠠᠷᠤ ᠨᠢ ᠳᠤᠮᠤ ᠭᠦᠮᠤᠨ ᠤ ᠭᠢ ᠡᠴᠠ ᠳᠤᠤᠷ᠎ᠠ ᠪᠠᠢ᠌ᠳᠠᠭ᠃ ᠡᠨᠡ ᠪᠣᠯ ᠪᠠᠰᠠ ᠴᠤ ᠬᠡᠦᠬᠡᠳ ᠤᠨ ᠨᠢᠭᠡ ᠵᠠᠩ ᠰᠠᠳᠭᠢᠴᠠ ᠶᠢᠨ ᠣᠠᠴᠠᠯᠢᠭ ᠪᠣᠯᠬᠤ ᠶᠤᠮ᠃ ᠳᠠᠢ᠌ᠮᠤ ᠡᠴᠠ ᠬᠡᠦᠬᠡᠳ ᠤᠨ ᠰᠢᠯᠦᠭ᠌ ᠤᠨ ᠭᠡᠯᠡ ᠭᠡᠯᠡᠯᠭᠡ ᠨᠢ ᠬᠡᠦᠬᠡᠳ ᠤᠨ ᠭᠦᠯᠢᠶᠡᠨ ᠠᠪᠬᠤ ᠴᠢᠳᠠᠪᠣᠷᠢ ᠣᠠᠴᠠᠯᠢᠭ ᠲᠤ ᠳᠤᠭᠢᠷᠠᠭᠰᠠᠨ ᠣᠢ᠌ᠯᠠᠭᠠᠮᠵᠢᠳᠠᠢ ᠪᠦᠭᠡᠳ ᠣᠬᠤᠷ ᠠᠪᠰᠠᠷᠬᠠᠨ ᠪᠠᠢ᠌ᠬᠤ ᠭᠡᠷᠡᠭ᠍ᠳᠡᠢ᠃   

     《ᠨᠠᠷᠠᠨ ᠤ ᠠᠮᠠᠷᠠᠭ》   (ᠰ·ᠰᠠᠴᠠᠨ)  ᠲ᠋ᠤ᠄   

《ᠨᠠᠷᠠᠨ ᠤ ᠠᠮᠠᠷᠠᠭ ᠰᠠᠷᠠ ᠭᠡᠭᠦ ᠦᠨᠡᠨ ᠦᠦ︖   

ᠨᠠᠷᠠᠯᠠᠭ ᠬᠤᠷᠸ᠎ᠠ ᠳᠤ ᠬᠠᠨᠢᠰᠤᠨ ᠪᠠᠢ᠌ᠬᠤ ᠶᠢ ᠭᠦᠰᠡᠳᠡᠭ᠌ ᠲᠡᠭᠡᠨ ᠦᠦ︖   

ᠨᠠᠮᠤᠭᠤᠬᠠᠨ ᠰᠦᠨᠢ ᠶᠢᠨ ᠣᠳᠤᠳ ᠭᠢᠯᠠᠯᠵᠠᠬᠤ ᠭᠢᠷᠢ ᠪᠠᠷ  

ᠨᠠᠷᠠ ᠪᠠᠨ ᠭᠦᠰᠡᠭ᠍ᠰᠡᠭᠡᠷ ᠰᠠᠷᠠ ᠮᠠᠠᠳᠤᠵᠤ ᠭᠠᠷᠤᠨ᠎ᠠ ᠦᠦ︖》 ᠭᠡᠵᠤ ᠰᠢᠯᠦᠭᠯᠡᠪᠡ᠃ ᠠᠰᠠᠭᠤᠯᠳᠠ ᠬᠠᠷᠢᠭᠤᠯᠳᠠ ᠶᠢᠨ ᠭᠡᠯᠪᠠᠷᠢ ᠨᠢ ᠬᠡᠦᠬᠡᠳ ᠤᠨ ᠰᠢᠯᠦᠭ᠌ ᠤᠨ ᠪᠠᠰᠠ ᠨᠢᠭᠡ ᠠᠮᠵᠢᠯᠳᠠ ᠳᠤ ᠭᠦᠷᠭᠦ ᠶᠢᠨ ᠠᠨᠢᠰᠤ ᠮᠦᠨ᠃ ᠭᠡᠪᠠᠴᠤ ᠳᠤᠰ ᠰᠢᠯᠦᠭ᠌ ᠲᠤ 《ᠠᠮᠠᠷᠠᠭ》 ᠭᠡᠭᠦ ᠥᠭᠡ ᠶᠢ ᠭᠡᠷᠡᠭᠯᠡᠭ᠍ᠰᠡᠨ ᠨᠢ ᠬᠡᠦᠬᠡᠳ ᠤᠨ ᠭᠡᠯᠡ ᠭᠡᠯᠡᠯᠭᠡ ᠶᠢᠨ ᠣᠠᠴᠠᠯᠢᠭ ᠲᠤ ᠵᠤᠭᠢᠴᠠᠬᠤ ᠦᠭᠡᠶ᠃    《ᠠᠮᠠᠷᠠᠭ》 ᠭᠡᠭᠦ ᠥᠭᠡ ᠪᠣᠯ ᠬᠡᠦᠬᠡᠳ ᠤᠨ ᠳᠤᠯᠢ ᠪᠢᠴᠢᠭ᠌ ᠤᠨ ᠭᠢ ᠥᠭᠡ ᠪᠢᠰᠢ᠃ ᠬᠠᠷᠢᠨ ᠵᠠᠯᠠᠭᠤᠴᠤᠳ ᠤᠨ ᠰᠠᠳᠭᠢᠴᠠ ᠶᠢᠨ ᠬᠠᠷᠢᠶᠠᠨ ᠳ᠋ᠠᠭᠢ ᠥᠭᠡ ᠪᠣᠯᠤᠨ᠎ᠠ᠃   

     《ᠠᠩᠬᠠᠨ ᠤ ᠴᠡᠰᠤ》   (ᠭᠦᠷᠵᠡᠪ)  ᠳ᠋ᠤ᠄    《ᠬᠥᠢᠯᠡᠷᠡᠭᠦᠯᠵᠤ》    《ᠭᠡᠷᠰᠢᠭᠦᠯᠵᠤ》    《ᠳᠦᠩᠭᠦᠢᠯᠭᠡᠵᠤ》    《ᠡᠭᠦᠷᠯᠡᠭᠦᠯᠵᠤ》    《ᠭᠦᠭᠯᠡᠭᠦᠯᠵᠤ》 ᠭᠡᠭᠦ ᠮᠠᠳᠤ ᠶᠢᠨ ᠣᠷᠳᠤ ᠰᠤᠠᠵᠢᠷᠠᠭᠤ ᠣᠢ᠌ᠯᠠᠭᠠᠮᠵᠢ ᠮᠠᠭᠤᠳᠠᠢ ᠥᠭᠡᠰ ᠢ ᠪᠠᠳᠠᠭ ᠪᠦᠷᠢ ᠳᠤ ᠵᠢᠭᠰᠠᠭᠠᠨ ᠦᠷᠦᠭ᠍ᠰᠡᠨ ᠪᠠᠢ᠌ᠳᠠᠭ ᠨᠢ ᠬᠡᠦᠬᠡᠳ ᠤᠨ ᠣᠶᠠᠨ ᠳᠤᠳᠤ ᠣᠩᠰᠢᠯᠭ᠎ᠠ ᠶᠢᠨ ᠱᠠᠭᠠᠷᠳᠠᠯᠭ᠎ᠠ ᠪᠣᠶᠤ ᠬᠡᠦᠬᠡᠳ ᠤᠨ ᠭᠦᠯᠢᠶᠡᠨ ᠠᠪᠬᠤ ᠣᠠᠴᠠᠯᠢᠭ ᠲᠤ ᠳᠤᠭᠢᠷᠠᠮᠠᠷ ᠦᠭᠡᠶ ᠪᠢᠯᠠ᠃     

     《ᠪᠠᠭ᠎ᠠ ᠨᠠᠰᠤ ᠮᠢᠨᠢ ᠰᠠᠢ᠌ᠬᠠᠨ》   (ᠪ᠊·ᠪᠢᠯᠢᠭ᠌) ᠳᠤ᠂    《ᠳᠡᠭ᠍ᠷᠢ ᠳᠡᠭᠡᠨ ᠵᠢᠷᠭᠠᠬᠤ ᠰᠢᠪᠠᠭᠠᠤᠨ ᠤᠨ ᠵᠢᠷᠭᠢᠭᠡᠨ ᠶᠢᠡᠷ ᠳᠠᠯ᠎ᠠ ᠶᠢᠨ ᠶᠢᠡᠨ ᠠᠭᠤᠵᠢᠮ ᠳᠤ ᠳᠠᠨᠠᠢ᠌ᠵᠤ ᠶᠠᠪᠣᠭᠰᠠᠨ ᠳᠠᠯ᠎ᠠ ᠳᠠᠭᠠᠨ ᠵᠢᠷᠢᠯᠵᠡᠭᠦ ᠠᠳᠤᠭᠤᠳ ᠤᠨ ᠵᠢᠰᠤᠮ ᠶᠢᠡᠷ ᠳᠡᠭ᠍ᠷᠢ ᠶᠢᠨ ᠶᠢᠡᠨ ᠦᠨᠳᠦᠷ ᠲᠤ ᠳᠡᠭᠦᠯᠢᠵᠤ ᠶᠠᠪᠣᠭᠰᠠᠨ ᠬᠤᠷᠠᠭᠠᠨ ᠴᠠᠭᠠᠨ ᠪᠠᠭ᠎ᠠ ᠨᠠᠰᠤ ᠮᠢᠨᠢ ᠰᠠᠢ᠌ᠬᠠᠨ  ᠵᠡᠭᠦᠳᠤᠨ ᠳᠡᠭᠡᠨ ᠳᠡᠭᠦᠭ᠍ᠰᠡᠨ ᠴᠢᠯᠠᠭᠤᠳ ᠶᠢᠡᠨ ᠡᠭᠦᠷᠴᠤ ᠵᠡᠭᠦᠨ ᠡᠴᠠ ᠣᠷᠭᠤᠬᠤ ᠨᠠᠷᠠᠨ ᠤ ᠵᠥᠭ᠌ ᠭᠦᠶ‍ᠦᠭ᠍ᠰᠡᠨ ᠵᠦᠩᠨᠠᠯ ᠳᠡᠭᠡᠨ ᠳᠡᠭᠡᠳᠦᠯᠡᠭ᠍ᠰᠡᠨ ᠣᠪᠣᠭᠠᠤᠨ ᠶᠢᠡᠨ ᠡᠷᠢᠵᠤ ᠵᠢᠷᠦᠭᠡᠨ ᠡᠴᠡ ᠤᠨᠳᠦᠷᠬᠤ ᠨᠤᠳᠤᠭ ᠵᠥᠭ᠌ ᠶᠢᠡᠨ ᠭᠦᠶ‍ᠦᠭ᠍ᠰᠡᠨ》 ᠭᠡᠭᠦ ᠭᠡᠯᠡ ᠭᠡᠯᠡᠯᠭᠡ ᠨᠢ ᠬᠡᠦᠬᠡᠳ ᠤᠨ ᠣᠴᠠᠯᠢᠭ ᠲᠤ ᠳᠠᠳᠣᠢ᠌ᠯᠠ ᠨᠠᠢ᠌ᠴᠠᠮ᠎ᠠ ᠦᠭᠡᠶ ᠪᠤᠯᠵᠠᠢ᠃   ᠡᠨᠡ ᠪᠣᠯ ᠳᠤᠮᠤ ᠭᠦᠮᠤᠨ᠂ ᠳᠤᠮᠤ ᠭᠦᠮᠤᠨ ᠤ ᠥᠭᠡ ᠭᠡᠯᠡᠯᠭᠡ᠂ ᠳᠤᠮᠤ ᠭᠦᠮᠤᠨ ᠤ ᠰᠠᠳᠭᠢᠴᠠ ᠪᠣᠳᠤᠯ ᠶᠢᠡᠷ ᠶᠢᠡᠨ ᠬᠡᠦᠬᠡᠳ ᠨᠠᠰᠤ ᠪᠠᠨ ᠡᠷᠭᠢᠴᠡᠭᠦᠯᠤᠨ ᠳᠤᠷᠠᠰᠬᠠᠭᠰᠠᠨ ᠵᠣᠢ᠌ᠯᠠᠰ ᠮᠦᠨ᠃     

    ᠲ᠋ᠠᠪᠣ᠂ ᠵᠤᠬᠢᠶᠠᠭᠴᠢ ᠡᠵᠡᠨ ᠪᠠᠶ᠎ᠠ ᠶᠢᠨ 《ᠬᠠᠠᠳᠤᠯᠭ᠎ᠠ ᠵᠤᠭᠰᠤᠴᠠ》 ᠶᠢᠨ ᠠᠰᠠᠭᠤᠳᠠᠯ᠃   ᠬᠡᠦᠬᠡᠳ ᠤᠨ ᠰᠢᠯᠦᠭ᠌ ᠢ ᠪᠢᠴᠢᠭᠦ ᠳᠤ ᠰᠢᠯᠦᠭ᠌ ᠢ ᠴᠤᠬᠤᠮ ᠭᠡᠨ ᠪᠢᠴᠢᠭᠦ ᠪᠣᠢ︖ ᠭᠡᠭᠦ ᠠᠰᠠᠭᠤᠳᠠᠯ ᠢ ᠵᠦᠪ ᠶᠢᠡᠷ ᠰᠢ᠌ᠳᠪᠦᠷᠢᠯᠡᠭᠦ ᠭᠡᠷᠡᠭ᠍ᠳᠡᠢ᠃ ᠶᠠᠷᠢᠶᠠᠨ ᠦᠭᠡᠶ ᠬᠡᠦᠬᠡᠳ ᠤᠨ ᠰᠢᠯᠦᠭ᠌ ᠢ ᠭᠤᠤᠯᠳᠠᠭᠤ ᠳᠤᠮᠤ ᠭᠦᠮᠤᠨ ᠪᠢᠴᠢᠳᠡᠭ᠌᠃ ᠭᠡᠭᠦ ᠳᠡᠭᠡᠨ ᠵᠤᠬᠢᠶᠠᠭᠴᠢ ᠡᠵᠡᠨ ᠪᠠᠶ᠎ᠠ ᠶᠢᠨ 《ᠬᠠᠠᠳᠤᠯᠭ᠎ᠠ ᠵᠤᠭᠰᠤᠴᠠ》 ᠭᠡᠭ᠍ᠴᠢ ᠳᠤᠩ ᠴᠢᠬᠤᠯᠠ ᠠᠰᠠᠭᠤᠳᠠᠯ ᠪᠣᠢ᠃ ᠵᠤᠬᠢᠶᠠᠭᠴᠢ ᠴᠤᠬᠤᠮ ᠦᠪᠡᠷ ᠤᠨ 《ᠪᠢ》 ᠶᠢᠨ ᠣᠷᠤᠨ ᠪᠠᠢ᠌ᠷᠢ ᠳᠡᠭᠡᠷ᠎ᠡ ᠵᠤᠭᠰᠤᠵᠤ ᠬᠡᠦᠬᠡᠳ ᠲᠤ ᠰᠢᠯᠦᠭ᠌ ᠪᠢᠴᠢᠭᠦ ᠶᠤᠮ ᠦᠦ︖ ᠡᠰᠡᠪᠠᠯ ᠵᠤᠬᠢᠶᠠᠭᠴᠢ ᠨᠢ 《ᠬᠡᠦᠬᠡᠳ ᠢ ᠣᠷᠤᠯᠠᠵᠤ ᠬᠡᠦᠬᠡᠳ ᠤᠨ ᠵᠤᠭᠰᠤᠴᠠ》 ᠡᠴᠠ ᠪᠢᠴᠢᠭᠦ ᠶᠤᠮ ᠦᠦ︖ ᠡᠨᠡ ᠠᠰᠠᠭᠤᠳᠠᠯ ᠳᠤ ᠰᠤᠩᠭ᠋ᠤᠯᠳᠠ ᠭᠢᠭᠦ ᠨᠢ ᠬᠡᠦᠬᠡᠳ ᠤᠨ ᠰᠢᠯᠦᠭ᠌ ᠤᠨ ᠢᠯᠠᠵᠤ ᠢᠯᠠᠭᠳᠠᠬᠤ ᠳᠤ ᠬᠤᠯᠪᠣᠭᠳᠠᠬᠤ ᠴᠢᠬᠤᠯᠠ ᠵᠠᠩᠭᠢᠯᠠᠭ᠎ᠠ ᠪᠣᠯᠤᠨ᠎ᠠ᠃    《ᠰᠤᠨᠢᠨ ᠮᠡᠳᠡᠭᠡ ᠰᠦᠯᠵᠢᠶᠠᠨ》 ᠳ᠋ᠠᠭᠢ ᠬᠡᠦᠬᠡᠳ ᠤᠨ ᠰᠢᠯᠦᠭ᠌ ᠶᠢᠡᠷ ᠥᠵᠡᠭᠦ ᠳᠤ ᠪ᠊·ᠪᠢᠯᠢᠭ᠌ ᠤᠨ ᠰᠢᠯᠦᠭ᠌ ᠨᠢ ᠪᠠᠷᠤᠭ ᠯᠠ ᠪᠦᠷ ᠳᠤᠮᠤ ᠭᠦᠮᠤᠨ ᠳᠤᠮᠤ ᠭᠦᠮᠤᠨ ᠤ ᠬᠠᠷᠠᠭ᠎ᠠ ᠵᠤᠭᠰᠤᠴᠠ ᠡᠴᠠ ᠦᠪᠡᠷ ᠤᠨ ᠪᠠᠭ᠎ᠠ ᠨᠠᠰᠤ ᠪᠠᠨ ᠡᠷᠭᠢᠴᠡᠭᠦᠯᠤᠨ ᠳᠤᠷᠠᠳᠬᠠᠭᠰᠠᠨ ᠣᠠᠴᠠᠯᠢᠭ ᠲᠡᠶ ᠰᠢᠯᠦᠭ᠌ ᠤᠳ ᠪᠣᠯᠤᠨ᠎ᠠ᠃ ᠭᠦᠷᠵᠡᠪ ᠤᠨ ᠰᠢᠯᠦᠭ᠌ ᠨᠢ 《ᠨᠤᠮ》   (ᠭᠦᠷᠵᠡᠪ) ᠮᠠᠳᠤ ᠶᠢᠨ ᠳᠤᠩ ᠴᠥᠭᠡᠨ ᠳᠤᠭᠠᠨ ᠤ ᠰᠢᠯᠦᠭ᠌ ᠨᠢ ᠳᠤᠮᠤ ᠭᠦᠮᠤᠨ ᠤ ᠵᠤᠭᠰᠤᠴᠠ ᠡᠴᠠ ᠨᠤᠮ ᠤᠨ ᠣᠬᠠᠭᠳᠠᠬᠤᠨ᠂ ᠣᠢ᠌ᠯᠠᠳᠤᠯ᠂ ᠦᠨ᠎ᠡ ᠴᠠᠨ᠎ᠡ ᠶᠢ ᠥᠨᠡᠯᠡᠭ᠍ᠰᠡᠨ ᠪᠠᠢ᠌ᠳᠠᠭ ᠡᠴᠠ ᠭᠠᠳᠠᠨ᠎ᠠ ᠣᠯᠠᠩᠭᠢ ᠰᠢᠯᠦᠭ᠌ ᠨᠢ ᠬᠡᠦᠬᠡᠳ ᠤᠨ ᠪᠠᠢ᠌ᠷᠢ ᠵᠤᠭᠰᠤᠴᠠ ᠡᠴᠠ ᠪᠢᠴᠢᠭ᠍ᠰᠡᠨ ᠶᠢᠡᠷ ᠶᠢᠡᠨ ᠠᠮᠵᠢᠯᠳᠠ ᠰᠠᠢ᠌ᠳᠠᠢ ᠪᠣᠯᠤᠭᠰᠠᠨ ᠪᠠᠢ᠌ᠳᠠᠭ᠃     

     ᠪᠢᠳᠠ ᠳᠡᠳᠡᠭᠡᠷ ᠠᠮᠵᠢᠯᠳᠠ ᠲᠡᠶ ᠪᠦᠳᠦᠮᠵᠢᠳᠡᠢ ᠪᠢᠴᠢᠭ᠍ᠳᠡᠭ᠍ᠰᠡᠨ ᠬᠡᠦᠬᠡᠳ ᠤᠨ ᠰᠢᠯᠦᠭ᠌ ᠨᠢ ᠪᠠᠷᠤᠭ ᠯᠠ ᠪᠦᠷ 《ᠬᠡᠦᠬᠡᠳ ᠊᠊᠊᠊᠊᠊᠊᠊᠊᠊᠊᠊᠊᠊᠊ ᠨᠢᠭᠡᠳᠦᠭᠡᠷ ᠪᠠᠶ᠎ᠠ》 ᠡᠴᠠ ᠪᠢᠴᠢᠭ᠍ᠳᠡᠭ᠍ᠰᠡᠨ ᠰᠢᠯᠦᠭ᠌ ᠪᠠᠢ᠌ᠬᠤ ᠶᠢ ᠣᠯᠵᠤ ᠬᠠᠷᠠᠨ᠎ᠠ᠃ ᠬᠡᠦᠬᠡᠳ ᠤᠨ ᠰᠢᠯᠦᠭ᠌ ᠶᠤᠮ ᠪᠣᠯᠬᠤᠷ 《ᠬᠡᠦᠬᠡᠳ》 ᠯᠠ ᠪᠢᠴᠢᠭᠦ ᠶ‍ᠤᠰᠤᠳᠠᠢ᠃    《ᠬᠡᠦᠬᠡᠳ》 ᠯᠠ 《ᠬᠡᠦᠬᠡᠳ》 ᠶᠢᠡᠨ ᠨᠠᠩ ᠣᠢ᠌ᠯᠠᠭᠠᠳᠠᠭ᠃ ᠬᠡᠦᠬᠡᠳ ᠤᠨ ᠰᠢᠯᠦᠭ᠌ ᠪᠢᠴᠢᠶ᠎ᠠ ᠭᠡᠪᠠᠯ᠂ ᠬᠡᠦᠬᠡᠳ ᠤᠨ ᠣᠷᠤᠨ ᠳᠤ ᠣᠷᠤᠵᠤ ᠬᠡᠦᠬᠡᠳ ᠤᠨ ᠰᠠᠳᠭᠢᠴᠠ ᠪᠣᠳᠤᠯ᠂ ᠬᠡᠦᠬᠡᠳ ᠤᠨ ᠬᠠᠷᠠᠭ᠎ᠠ ᠵᠤᠭᠰᠤᠴᠠ ᠡᠴᠠ ᠠᠰᠠᠭᠤᠳᠠᠯ ᠢ ᠦᠵᠡᠵᠤ ᠰᠡᠳᠭᠢᠭᠡᠷᠡᠢ ᠳ᠋ᠠ᠃   

  

          

       2010.9.27 ᠊᠊᠊᠊᠊᠊᠊᠊᠊᠊᠊᠊᠊᠊᠊ 28  

  


ᠵᠤᠬᠢᠶᠠᠭᠴᠢ ᠶᠢᠨ ᠬᠠᠶ‍ᠢᠭ ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠣᠤᠠᠬ᠎ᠠ ᠵᠤᠬᠢᠶᠠᠯ ᠰᠤᠳᠤᠯᠬᠤ ᠭᠠᠵᠠᠷ

ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12123
ᠴᠠᠭ᠄ 2010 ᠤᠨ ᠤ 10 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ