ᠨᠡᠪᠲᠡᠷᠡᠨ ᠤᠷᠤᠬᠤ
ᠴᠤᠭᠯᠠᠷᠠᠯ
᠊᠊᠊᠊᠊᠊᠊᠊᠊᠊᠊᠊᠊᠊᠊ ᠦᠨᠦᠳᠤᠷ ᠪᠢᠳᠠ ᠴᠤᠭᠯᠠᠷᠠᠯ ᠢ ᠰᠤᠷᠪᠠ

《ᠴᠤᠭᠯᠠᠷᠠᠯ》 ᠭᠡᠳᠡᠭ᠌ ᠡᠨᠡᠭᠦ ᠮᠡᠳᠡᠯᠭᠡ ᠵᠢ

ᠴᠤᠭᠯᠠᠷᠠᠵᠤ ᠪᠠᠢ᠌ᠭᠠᠤᠨ ᠦᠨᠦᠳᠤᠷ ᠰᠤᠷᠤᠯᠴᠠᠯ᠎ᠠ

ᠥᠷᠭᠡᠨ ᠳᠡᠯᠭᠡᠷ ᠣᠬᠠᠭᠳᠠᠬᠤᠨ ᠤ ᠭᠢᠨᠢ

ᠥᠷᠦᠭᠡᠰᠤᠨ ᠭᠠᠷ ᠢ ᠯᠠ ᠣᠯᠵᠤ ᠦᠵᠡᠪᠠ᠃

ᠳᠤᠭᠠᠨ ᠤ ᠣᠬᠠᠭᠠᠨ ᠤ ᠭᠦᠴᠢᠷ ᠳᠤ

ᠳᠤᠯᠤᠭᠠᠢ ᠬᠠᠭᠠᠷᠠᠮᠠᠷ ᠪᠦᠭ᠍ᠴᠢᠵᠤ

ᠪᠠᠭᠰᠢ ᠶᠢᠨ ᠶᠠᠷᠢᠭᠰᠠᠨ ᠥᠭᠡᠰ

ᠪᠠᠳᠠᠭᠠᠨ᠎ᠠ ᠬᠤᠪᠢᠯᠤᠭᠠᠤᠨ ᠥᠩᠭᠡᠷᠡᠨ᠎ᠡ᠂

ᠨᠥᠭᠦᠤᠨ ᠤᠨ ᠢᠳᠡᠭᠡᠯ ᠠᠯᠳᠠᠭᠰᠠᠨ ᠳᠠᠭᠤᠨ

ᠨᠢᠳᠤᠨ ᠳᠤ ᠪᠢᠰᠢ ᠴᠢᠭᠢᠨ ᠳᠤ ᠳᠤᠭᠤᠯᠳᠠᠬᠤ ᠳ᠋ᠤ

《ᠴᠤᠭᠯᠠᠷᠠᠯ》 ᠭᠡᠳᠡᠭ᠌ ᠥᠭᠡᠨ ᠤ ᠣᠤᠠᠬ᠎ᠠ

ᠴᠤᠮᠤᠯᠠᠩᠮᠠ ᠡᠴᠡ ᠴᠤ ᠦᠨᠳᠦᠷ ᠰᠠᠨᠠᠭᠳᠠᠯ᠎ᠠ᠃

ᠮᠡᠳᠡᠯᠭᠡ ᠊᠊᠊᠊᠊᠊᠊᠊᠊᠊᠊᠊᠊᠊᠊

ᠭᠢᠵᠠᠭᠠᠷ ᠦᠭᠡᠶ ᠴᠤᠭᠯᠠᠷᠠᠯ

ᠪᠠᠭᠰᠢ ᠊᠊᠊᠊᠊᠊᠊᠊᠊᠊᠊᠊᠊᠊᠊

ᠭᠢᠵᠠᠭᠠᠷ ᠲᠡᠶ ᠴᠤᠭᠯᠠᠷᠠᠯ

ᠪᠢ ᠊᠊᠊᠊᠊᠊᠊᠊᠊᠊᠊᠊᠊᠊᠊

ᠬᠤᠭᠤᠰᠤᠨ ᠴᠤᠭᠯᠠᠷᠠᠯ︕

ᠪᠠᠯᠠᠢ ᠳᠦᠯᠡᠢ ᠰᠡᠳᠭᠢᠭ᠍ᠳᠡᠯ ᠳ᠋ᠤ

ᠪᠠᠬ᠎ᠠ ᠠᠯᠳᠠᠭᠠᠤᠨ ᠰᠠᠭᠤᠬᠤ ᠳ᠋ᠤ

ᠪᠠᠪᠣᠵᠠᠪ ᠪᠠᠭᠰᠢ

ᠪᠠᠰᠠ ᠯᠠ ᠶᠠᠷᠢᠭᠰᠠᠭᠠᠷ ᠵᠤᠭᠰᠤᠨ᠎ᠠ᠃


᠊᠊᠊᠊᠊᠊᠊᠊᠊᠊᠊᠊᠊᠊᠊ ᠰᠢᠯᠢ ᠶᠢᠨ ᠬᠤᠳᠠᠨ᠎ᠠ

2006.08.29


* ᠴᠤᠬᠤᠯᠳᠠ᠄

ᠪᠢᠳᠠ ᠳᠦᠴᠢ ᠶ‍ᠢᠰᠦᠭᠦᠯᠡ ᠪᠠᠨ ᠨᠢᠭᠡ ᠠᠩᠭᠢ ᠳᠤ ᠰᠤᠷᠤᠯᠴᠠᠳᠠᠭ ᠪᠠᠢ᠌ᠯ᠎ᠠ᠃ ᠭᠢᠴᠢᠶᠠᠯ ᠤᠨ ᠪᠠᠭᠰᠢ ᠨᠡᠷ ᠮᠠᠨᠢ ᠴᠤ ᠴᠢᠩᠭ᠎ᠠ ᠭᠠᠷ ᠤᠳ ᠪᠠᠢ᠌ᠯᠴᠠᠭᠰᠠᠨ᠂ ᠠᠵᠢᠯ ᠳᠤ ᠪᠠᠨ ᠬᠠᠷᠢᠭᠤᠴᠠᠯᠭ᠎ᠠ ᠲᠡᠶ᠂ ᠲᠦᠪ ᠨᠢᠮᠪᠠᠢ ᠁ ᠶᠠᠷᠤ ᠨᠢ ᠰᠡᠭᠦᠳᠡᠷ ᠲᠡᠶ ᠬᠠᠷᠠᠭᠳᠠᠬᠤ ᠭᠠᠵᠠᠷ ᠠᠯᠠᠭ᠎ᠠ᠃

ᠳᠤᠭᠠᠨ ᠤ ᠭᠢᠴᠢᠶᠠᠯ ᠪᠣᠯᠤᠭᠰᠠᠭᠠᠷ ᠯᠠ ᠪᠦᠭᠦᠳᠡᠭᠡᠷ ᠶᠢᠡᠨ ᠵᠢᠷᠦᠭᠡ ᠪᠠᠨ ᠭᠠᠷ ᠲᠤ ᠪᠠᠨ ᠪᠠᠷᠢᠵᠤ᠂ ᠪᠠᠭᠰᠢ ᠶᠢᠨ ᠥᠭᠡᠳᠡ ᠪᠣᠳᠤᠭᠤᠨ ᠨᠢᠳᠤ ᠪᠠᠷ ᠬᠠᠷᠠᠵᠤ᠂ ᠰᠠᠳᠤᠪ ᠶᠢᠡᠨ ᠶᠠᠭᠠᠷᠠᠪᠴᠢᠯᠠᠨ ᠬᠠᠭᠤᠯᠳᠠᠭ ᠨᠢ ᠪᠢᠳᠠᠨ ᠤ 《ᠨᠠᠢ᠌ᠳᠠ ᠶᠢᠨ ᠣᠠᠴᠠᠯᠢᠭ》᠃ ᠠᠩᠬ᠎ᠠ ᠡᠭᠢᠨ ᠳᠤ ᠪᠠᠨ ᠳᠤᠭ᠎ᠠ ᠪᠠᠨ ᠰᠤᠷᠬᠤ ᠦᠭᠡᠶ ᠪᠠᠭᠰᠢ ᠪᠠᠷ ᠵᠥᠩᠳᠡᠭᠡᠨ ᠵᠢᠮᠡᠯᠡᠭᠦᠯᠳᠡᠭ᠌ ᠪᠠᠢ᠌ᠯ᠎ᠠ᠂ ᠭᠡᠪᠠᠴᠤ ᠶᠠᠪᠣ ᠶᠠᠪᠣᠭᠠᠨ ᠳᠤ ᠪᠠᠨ ᠣᠬᠠᠭᠠᠨ ᠢ ᠨᠢ ᠣᠯᠵᠤ ᠣᠴᠢᠷ ᠢ ᠨᠢ ᠣᠬᠠᠵᠤ᠂ ᠪᠠᠭᠰᠢ ᠶᠢᠨ ᠥᠯᠡᠳᠡᠭᠡᠭ᠍ᠰᠡᠨ ᠪᠣᠳᠤᠯᠭ᠎ᠠ ᠤᠳ ᠢ ᠰᠤᠯᠤᠭᠠᠢ᠌ᠷᠠᠯ ᠦᠭᠡᠶ ᠪᠣᠳᠤᠳᠠᠭ ᠪᠣᠯᠤᠯ᠎ᠠ ᠁

ᠪᠠᠭᠰᠢ ᠨᠡᠷ ᠲᠤ ᠪᠠᠨ ᠪᠢᠳᠠ ᠡᠭᠦᠷᠢᠳᠡ ᠳᠠᠯᠠᠷᠬᠠᠵᠤ ᠶᠠᠪᠣᠨ᠎ᠠ︕

ᠵᠤᠬᠢᠶᠠᠭᠴᠢ ᠶᠢᠨ ᠬᠠᠶ‍ᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠭᠤᠨᠢᠨᠤᠳ·ᠨᠠ᠊·ᠰᠥᠭᠡ‍ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2620
ᠴᠠᠭ᠄ 2009 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ