ᠨᠡᠪᠲᠡᠷᠡᠨ ᠤᠷᠤᠬᠤ
ᠤᠷᠳᠤ ᠰᠢᠷ᠎ᠠ ᠵᠡᠭᠡᠯᠢ

ᠰᠤᠷᠤᠭᠴᠢ ᠪᠠᠭᠰᠢ ᠦᠭᠡᠶ ᠰᠤᠨᠤᠳᠠᠯ᠎ᠠ ᠵᠠᠷᠤᠵᠤ

ᠰᠤᠷᠭᠠᠭᠤᠯᠢ ᠵᠠᠰᠠᠭᠰᠠᠨ ᠨᠠᠷ᠎ᠠ ᠶᠢ ᠨᠢ ᠵᠡᠭᠦᠵᠤ

ᠰᠤᠶᠤᠭᠠᠯᠠᠩ ᠬᠤᠨᠢ ᠪᠠᠷ ᠨᠢ ᠱᠦᠯᠦ ᠣᠤᠭᠤᠭᠠᠤᠨ

ᠰᠤᠮᠤᠨ ᠤ ᠺᠠᠳ᠋ᠷ ᠤᠳ ᠪᠦᠯᠦᠭ᠌ ᠶᠢᠡᠷ ᠶᠢᠡᠨ ᠭᠡᠯᠭᠢᠶᠡᠯᠳᠤᠨ

ᠰᠢᠷ᠎ᠠ ᠫᠢᠸᠤ᠋ ᠴᠠᠳᠳᠠᠯ᠎ᠠ ᠭᠦᠵᠡᠭᠡᠯᠡᠵᠤ

ᠰᠠᠢ᠌ᠬᠠᠨ ᠦᠬᠢᠳ ᠤᠨ ᠬᠣᠢ᠌ᠨ᠎ᠠ ᠡᠴᠡ ᠳᠠᠭᠠᠵᠤ

ᠰᠠᠷ᠎ᠠ ᠶᠢᠨ ᠴᠠᠯᠢᠩ ᠶᠢᠠᠨ ᠭᠤᠸᠠᠩᠵᠠᠨ ᠳᠤ ᠳᠠᠷᠤᠵᠤ

ᠱᠠᠯᠪᠢᠩ ᠬᠤᠭᠤᠯᠠ ᠵᠢᠭᠡᠯᠡᠵᠤ ᠵᠤᠴᠢᠯᠠᠨ᠎ᠠ

ᠭᠦᠮᠤᠨ ᠴᠤᠭᠢᠭᠳᠠᠭᠰᠠᠨ ᠨᠢ ᠶᠤᠰᠤ ᠣᠯᠬᠤ ᠭᠠᠵᠠᠷ ᠥᠭᠡᠢ

ᠭᠦᠯ ᠬᠤᠭᠤᠷᠤᠨ ᠵᠡᠮᠳᠡᠭ᠌ ᠪᠣᠯᠤᠨ ᠬᠤᠴᠤᠷᠠᠪᠠ

ᠬᠡᠦᠬᠡᠳ ᠤᠨ ᠶᠢᠠᠨ ᠰᠥᠢᠦᠡᠭᠡᠯ ᠢ ᠳᠤᠰᠢᠶᠠᠵᠤ ᠳᠡᠢ᠌ᠯᠭᠦ ᠦᠭᠡᠶ ᠨᠢ

ᠭᠦᠤ ᠲᠡᠶ ᠵᠢᠭᠡᠯᠡᠯᠭᠡ ᠳᠤ ᠡᠳᠦᠷ ᠡᠳᠦᠷ ᠪᠠᠭᠤᠪᠠ

ᠳᠡᠯᠭᠡᠭᠦᠷ ᠳᠦᠭᠦᠷᠡᠩ ᠠᠪᠴᠢᠭ᠎ᠠ ᠠᠷᠪᠢᠤᠠᠴᠠᠢ

ᠳᠡᠯᠡᠭᠡᠢ ᠴᠤ ᠵᠤᠪᠠᠮᠠᠷ ᠰᠡᠭᠦᠷᠡᠰᠤ ᠠᠯᠳᠠᠵᠠᠭᠠᠨ᠎ᠠ

ᠳᠡᠭᠡᠷ᠎ᠡ ᠨᠢ ᠪᠠᠰᠠ ᠮᠠᠯ ᠪᠠᠭᠠᠰᠴᠠᠢ

ᠳᠡᠭᠡᠭᠡᠪᠦᠷᠢ ᠶᠢᠨ ᠮᠠᠢ᠌ᠮᠠᠢ᠌ᠴᠢᠳ ᠤᠨ ᠦᠨ᠎ᠡ ᠨᠢ ᠴᠤ ᠳᠤᠤᠷ᠎ᠠ

ᠥᠩᠭᠡᠷᠡᠭ᠍ᠰᠡᠨ ᠵᠤᠨ ᠨᠢ ᠭᠠᠩ ᠪᠣᠯᠵᠠᠢ

ᠡᠯᠡᠰᠤᠨ ᠰᠢᠭᠤᠷᠭ᠎ᠠ ᠨᠠᠮᠤᠷᠵᠢᠨ ᠳᠡᠭ᠍ᠳᠡᠵᠡᠢ

ᠡᠪᠦᠯ ᠨᠢ ᠡᠷᠭᠢᠭᠡᠳ ᠵᠤᠳ ᠪᠣᠯᠵᠠᠢ

ᠦᠨᠦ ᠬᠠᠪᠣᠷ ᠢ ᠶᠠᠭᠠᠭᠢᠵᠤ ᠯᠠ ᠳᠤᠭᠤᠯᠤᠶ᠎ᠠ

ᠮᠠᠯᠢᠴᠠ ᠮᠤᠩᠭ᠋ᠤᠯ ᠤᠳ ᠨᠢ ᠪᠣᠳᠠᠭ᠎ᠠ ᠵᠢᠭᠡᠯᠡᠨ᠎ᠡ

ᠮᠠᠢ᠌ᠮᠠᠢ᠌ᠴᠢ ᠬᠣᠢ᠌ᠬᠤᠷ ᠤᠳ ᠨᠢ ᠦᠨ᠎ᠡ ᠶᠢ ᠨᠢ ᠨᠠᠮᠠᠨ᠎ᠠ

ᠮᠠᠷᠭᠠᠰᠢ ᠨᠢ ᠢᠷᠠᠵᠤ ᠦᠷᠢ ᠪᠠᠨ ᠨᠡᠭᠡᠨ᠎ᠡ

ᠮᠠᠯ ᠢ ᠨᠢ ᠪᠣᠳᠤᠵᠤ ᠭᠢᠮᠳᠠ ᠪᠠᠷ ᠠᠪᠣᠨ᠎ᠠ

ᠮᠠᠨᠠᠢ᠌ᠭᠢᠨ ᠣᠳᠤ ᠶᠠᠭᠠᠭᠢᠵᠤ ᠠᠮᠢᠳᠤᠷᠠᠶ᠎ᠠ ᠳ᠋ᠠ

ᠮᠠᠷᠺᠰ ᠡᠩᠭᠧᠯᠡᠰ ᠡ ᠭᠡᠯᠡᠭᠡᠳ ᠦᠭ‍ᠭᠦᠭᠡᠴᠢ︕

ᠵᠤᠬᠢᠶᠠᠭᠴᠢ᠄ ᠪᠠ᠊·ᠢᠯᠠᠯᠳᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2009 ᠤᠨ ᠤ 01 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ