ᠨᠡᠪᠲᠡᠷᠡᠨ ᠤᠷᠤᠬᠤ
ᠡᠵᠢ ᠪᠠᠨ ᠮᠦᠷᠦᠭᠡᠳᠦᠭᠦ ᠨᠢ
᠊᠊᠊᠊᠊᠊᠊᠊᠊᠊᠊᠊᠊᠊᠊ ᠪᠣᠷᠬᠠᠨ ᠪᠣᠯᠤᠭᠰᠠᠨ ᠪᠦᠳᠤᠨ ᠵᠢᠯ ᠤᠨ ᠣᠢ ᠳ᠋ᠤᠨᠢ

2008 ᠣᠨ ᠤ 7 ᠰᠠᠷ᠎ᠠ ᠶᠢᠨ 31 ᠊ᠤ ᠡᠳᠦᠷ ᠮᠦᠨ ᠴᠤ ᠳᠤᠰ ᠰᠠᠷ᠎ᠠ ᠶᠢᠨ ᠬᠠᠮᠤᠭ ᠰᠡᠭᠦᠯᠴᠢ ᠶᠢᠨ ᠡᠳᠦᠷ᠂ ᠮᠦᠨᠴᠤ ᠨᠢᠭᠡ ᠵᠢᠯ ᠤᠨ ᠡᠮᠦᠨᠡᠭᠢ ᠦᠨᠦ ᠡᠳᠦᠷ ᠡᠵᠢ ᠮᠢᠨᠢ ᠮᠠᠨᠤᠰ ᠡᠴᠡ ᠪᠠᠨ ᠮᠥᠭ᠍ᠭᠡ ᠠᠩᠭᠢᠵᠢᠷᠠᠨ ᠭᠦᠷᠦᠰᠦᠳᠤ ᠭᠠᠵᠠᠷ ᠨᠣᠢ᠌ᠷᠰᠤᠵᠤ ᠪᠠᠶ᠎ᠠ ᠠᠮᠠᠷᠠᠪᠠ᠃ ᠶᠠᠭ ᠪᠦᠳᠤᠨ ᠵᠢᠯ ᠤᠨ ᠨᠢᠭᠤᠷ ᠬᠠᠷᠠᠵᠤ ᠪᠠᠢ᠌ᠨ᠎ᠠ᠃ ᠭᠦᠮᠤᠨ ᠪᠣᠯᠤᠭᠠᠤᠨ ᠡᠵᠢ ᠶᠢᠨ ᠶᠢᠡᠨ ᠬᠠᠢ᠌ᠷ᠎ᠠ ᠪᠠᠷ ᠬᠡᠦᠬᠡᠳ ᠤᠨ ᠡᠭᠡ ᠪᠣᠯᠳᠠᠯ᠎ᠠ ᠡᠵᠢ ᠲᠡᠶ ᠡᠭᠡ ᠭᠡᠵᠤ ᠰᠠᠢ᠌ᠬᠠᠨ ᠯᠠ ᠪᠠᠢ᠌ᠭᠰᠠᠨ᠂ ᠠᠮᠢᠳᠤᠷᠠᠯ ᠳᠤᠮᠳᠠ ᠶᠠᠮᠠᠷ ᠪᠠᠶᠠᠷ ᠵᠢᠷᠭᠠᠯᠳᠠᠢ ᠣᠴᠢᠷ ᠵᠤᠯᠭᠠᠭᠰᠠᠨ ᠴᠤ ᠶᠠᠮᠠᠷ ᠭᠤᠨᠢᠭ ᠵᠤᠪᠠᠯ ᠳᠤᠯᠭᠠᠷᠠᠭᠰᠠᠨ ᠴᠤ ᠡᠵᠢ ᠲᠡᠶ ᠪᠣᠯᠬᠤᠷ ᠭᠡᠵᠢᠶ᠎ᠡ ᠴᠤ ᠣᠢ᠌ᠳᠬᠤ ᠦᠭᠡᠶ᠂ ᠵᠢᠷᠭᠠᠯ ᠵᠤᠪᠠᠯ ᠶᠢᠡᠨ ᠡᠵᠢ ᠳᠡᠭᠡᠨ ᠶᠠᠷᠢᠵᠤ ᠬᠤᠪᠢᠶᠠᠯᠴᠠᠳᠠᠭ ᠴᠤ ᠰᠠᠢ᠌ᠬᠠᠨ ᠪᠠᠢ᠌ᠯ᠎ᠠ᠃ ᠠᠮᠠᠷᠠᠯᠳᠠ ᠪᠣᠯᠤᠭᠰᠠᠭᠠᠷ ᠡᠵᠢ ᠳᠡᠭᠡᠷ᠎ᠡ ᠪᠠᠨ ᠭᠡᠵᠤ ᠶᠠᠭᠠᠷᠠᠨ ᠨᠤᠳᠤᠭ ᠲᠠᠭᠠᠨ ᠪᠣᠴᠠᠳᠠᠭ ᠮᠠᠨᠢ ᠭᠡᠳᠦᠢ ᠰᠠᠢ᠌ᠬᠠᠨ ᠪᠠᠢ᠌ᠯ᠎ᠠ᠃ ᠶᠠᠭᠤ ᠴᠤ ᠭᠡᠰᠡᠨ ᠡᠵᠢ ᠲᠡᠶ ᠯᠠ ᠪᠣᠯ ᠰᠠᠢ᠌ᠬᠠᠨ ᠪᠠᠢ᠌ᠭᠰᠠᠨ᠃ ᠭᠠᠷᠠᠭ ᠲᠠᠭᠠᠨ ᠭᠡᠳᠤᠨ ᠣᠳᠠᠭ᠎ᠠ ᠣᠳᠠᠰᠤ ᠪᠠᠷ ᠡᠵᠢ ᠲᠡᠶ ᠪᠠᠨ ᠶᠠᠭᠤ ᠶᠠᠷᠢᠭᠰᠠᠨ ᠴᠤ ᠵᠢᠷᠭᠠᠯ ᠲᠡᠶ ᠰᠠᠢ᠌ᠬᠠᠨ ᠪᠠᠢ᠌ᠯ᠎ᠠ᠃ ᠣᠳᠤ ᠠᠪᠣ ᠮᠢᠨᠢ ᠡᠪᠡᠳᠴᠢᠨ ᠶᠢᠡᠷ ᠥᠭᠡ ᠴᠤ ᠶᠠᠷᠢᠵᠤ ᠴᠢᠳᠠᠬᠤ ᠦᠭᠡᠶ ᠪᠣᠯᠤᠭᠠᠤᠨ ᠶᠠᠳᠠᠵᠤ ᠡᠵᠢ ᠶᠢᠨ ᠣᠷᠤᠨ ᠳᠤ ᠬᠤᠶᠠᠷ ᠥᠭᠡ ᠶᠠᠷᠢᠯᠴᠠᠮᠠᠠᠷ ᠰᠠᠨᠠᠭᠳᠠᠬᠤ ᠴᠤ ᠳᠡᠭᠡᠵᠤ ᠴᠢᠳᠠᠬᠤ ᠦᠭᠡᠶ ᠪᠣᠯᠤᠭᠠᠤᠨ ᠪᠦᠳᠤᠨ ᠵᠢᠯ ᠪᠣᠯᠤᠯ᠎ᠠ᠃ ᠡᠵᠢ ᠨᠠᠰᠤ ᠪᠠᠷᠠᠭᠠᠤᠨ ᠶᠠᠭ ᠪᠦᠳᠤᠨ ᠵᠢᠯ ᠤᠨ ᠨᠢᠭᠤᠷ ᠦᠵᠡᠯ᠎ᠠ᠂ ᠦᠪᠡᠷ ᠤᠨ ᠭᠡᠭᠦ ᠭᠡᠷ ᠪᠦᠯᠢ ᠲᠡᠶ ᠪᠠᠢ᠌ᠵᠤ᠂ ᠭᠤᠷᠪᠠᠭᠤᠯᠠ ᠪᠠᠨ ᠰᠠᠢ᠌ᠬᠠᠨ ᠠᠮᠢᠳᠤᠷᠠᠵᠤ ᠪᠠᠢ᠌ᠬᠤ ᠴᠤ ᠡᠵᠢ ᠶᠢ ᠪᠠᠨ ᠦᠭᠡᠶ ᠪᠣᠯᠤᠭᠰᠠᠨ ᠡᠴᠡ ᠰᠡᠳᠭᠢᠯ ᠮᠢᠨᠢ ᠨᠢᠭᠡ ᠯᠠ ᠶᠠᠭᠤᠮ᠎ᠠ ᠪᠠᠷ ᠳᠤᠠᠳᠠᠭᠤᠷ ᠪᠠᠢ᠌ᠯ᠎ᠠ᠃ ᠡᠵᠢ ᠶᠢ ᠪᠠᠨ ᠠᠩᠬ᠎ᠠ ᠨᠠᠰᠤ ᠪᠠᠷᠠᠭᠰᠠᠨ ᠳᠠᠷᠠᠭ᠎ᠠ ᠭᠡᠵᠢᠶ᠎ᠡ ᠴᠤ ᠪᠠᠢ᠌ᠭ᠎ᠠ ᠦᠭᠡᠶ ᠭᠠᠰᠢᠭᠤᠳᠠᠯ ᠶᠢᠡᠷ ᠭᠠᠰᠢᠭᠤᠳᠠᠵᠤ ᠡᠵᠢ ᠶᠢᠨ ᠶᠢᠡᠨ ᠳᠤᠬᠠᠢ ᠶᠠᠭᠤᠮ᠎ᠠ ᠪᠢᠴᠢᠨ᠎ᠠ ᠭᠡᠭᠦ ᠡᠴᠡ ᠶᠠᠷᠢᠵᠤ ᠴᠤ ᠴᠢᠳᠠᠬᠤ ᠦᠭᠡᠶ ᠪᠣᠳᠤᠵᠤ ᠴᠤ ᠴᠢᠳᠠᠬᠤ ᠦᠭᠡᠶ ᠪᠠᠢ᠌ᠯ᠎ᠠ᠃ ᠴᠠᠭ ᠮᠦᠴᠡ ᠶᠢᠨ ᠥᠩᠭᠡᠷᠡᠭᠦ ᠪᠠᠷ ᠳᠡᠷᠡᠭᠦ ᠭᠠᠰᠢᠭᠤᠳᠠᠯ ᠤᠨ ᠭᠦᠡᠳᠤ ᠰᠡᠳᠭᠢᠯ ᠭᠦᠭ᠍ᠭᠡᠷᠡᠭᠦ ᠪᠠᠢ᠌ᠬ᠎ᠠ ᠭᠡᠵᠤ ᠭᠦᠯᠢᠶᠡᠯ᠎ᠡ᠂ ᠦᠴᠦᠭᠡᠳᠦᠷ ᠪᠣᠯᠳᠠᠯ᠎ᠠ ᠪᠢᠷ ᠪᠠᠷᠢᠵᠤ ᠪᠢᠴᠢᠵᠤ ᠴᠢᠳᠠᠭᠰᠠᠨ ᠦᠭᠡᠶ ᠪᠠᠢ᠌ᠯ᠎ᠠ᠃ ᠭᠡᠳᠡᠯ᠎ᠡ ᠦᠴᠦᠭᠡᠳᠦᠷ ᠣᠷᠤᠢ ᠡᠴᠡ ᠡᠭᠢᠯᠡᠨ ᠳᠠᠩᠳᠠ ᠡᠵᠢ ᠮᠢᠨᠢ ᠰᠡᠳᠭᠢᠯ ᠳᠤ ᠪᠣᠳᠤᠭᠳᠠᠭᠠᠤᠨ ᠶᠠᠮᠠᠷ ᠨᠢᠭᠡ ᠭᠦᠮᠤᠨ ᠬᠠᠷ᠎ᠠ ᠦᠭᠡᠶ ᠭᠠᠵᠠᠷ ᠣᠴᠢᠭᠠᠤᠨ ᠠᠭᠤᠵᠢᠷᠠᠳᠠᠯ᠎ᠠ ᠣᠭᠢᠯᠠᠵᠤ ᠰᠠᠨᠠᠭᠰᠠᠨ ᠪᠣᠳᠤᠭᠰᠠᠨ ᠶᠢᠡᠨ ᠪᠢᠴᠢᠮᠠᠷ ᠰᠠᠨᠠᠭᠳᠠᠭᠠᠤᠨ ᠪᠠᠢ᠌ᠯ᠎ᠠ᠃ ᠳᠡᠭᠡᠭᠡᠳ ᠭᠦᠤ ᠳᠡᠭᠡᠨ ᠶᠠᠷᠢᠯ᠎ᠠ᠃ ᠮᠢᠨᠤ ᠭᠦᠤ ᠠᠷᠪᠠᠳᠠᠢ ᠪᠣᠯᠤᠭᠰᠠᠨ ᠪᠣᠯᠬᠤᠷ ᠭᠡᠯᠡᠮᠡᠭ᠍ᠴᠡ ᠣᠢ᠌ᠯᠠᠭᠠᠪᠠ᠂ ᠵᠥᠪᠭᠡᠨ ᠡᠵᠢ ᠶᠢᠨ ᠶᠢᠡᠨ ᠳᠡᠩᠳᠡᠭᠦᠤ ᠰᠡᠳᠭᠢᠯ ᠵᠤᠪᠠᠬᠤ ᠡᠴᠡ ᠠᠶᠤᠵᠤ᠂ ᠡᠵᠢ ᠡ ᠭᠠᠭᠴᠠᠭᠠᠷ ᠬᠠᠮᠢᠶ᠎ᠠ ᠦᠭᠡᠶ ᠪᠠᠢ᠌ᠬ᠎ᠠ ᠭᠡᠵᠤ ᠪᠠᠢ᠌ᠯ᠎ᠠ᠃ ᠭᠦᠭᠡᠷᠦᠭᠦᠢ ᠭᠦᠮᠤᠨ ᠤ ᠦᠷ᠎ᠡ ᠭᠡᠵᠤ ᠡᠵᠢ ᠶᠢ ᠪᠠᠨ ᠳᠡᠭᠡᠵᠤ ᠰᠠᠨᠠᠳᠠᠭ ᠦᠭᠡᠶ ᠦᠦ ︖ ᠵᠠᠷᠢᠮ ᠳᠠᠭᠠᠨ ᠭᠦᠭᠡᠷᠦᠭᠦᠨ ᠭᠦᠤ ᠶᠢ ᠪᠠᠨ ᠬᠠᠷᠠᠭᠠᠤᠨ ᠠᠯᠢ ᠨᠢᠭᠡ ᠡᠳᠦᠷ ᠪᠢ ᠴᠤ ᠬᠠᠢ᠌ᠷᠠᠳᠠᠢ ᠦᠷ᠎ᠡ ᠡᠴᠡ ᠪᠠᠨ ᠬᠠᠭᠠᠴᠠᠵᠤ ᠶᠠᠪᠣᠨ᠎ᠠ᠂ ᠳᠡᠭᠡᠭᠦ ᠳᠤ ᠭᠠᠭᠴᠠ ᠭᠦᠤ ᠮᠢᠨᠢ ᠭᠡᠳᠦᠢ ᠵᠤᠪᠠᠵᠤ ᠨᠠᠳᠠ ᠰᠢᠭ᠌ ᠡᠵᠢ ᠶᠢ ᠪᠠᠨ ᠪᠠᠢ᠌ᠬᠤ ᠦᠭᠡᠶ ᠡᠳᠦᠷ ᠤᠳ ᠢ ᠥᠭ᠍ᠭᠡᠷᠡᠭᠦ ᠪᠣᠯ ︖ ᠭᠡᠭᠦ ᠡᠴᠡ ᠰᠡᠳᠭᠢᠯ ᠰᠢᠮᠰᠢᠷᠡᠭᠦ ᠶᠢᠨ ᠶᠡᠭᠡᠪᠠᠷ ᠰᠢᠮᠰᠢᠷᠠᠵᠤ᠂ ᠪᠣᠷᠬᠠᠨ ᠳᠡᠭ᠍ᠷᠢ ᠶᠠᠭᠠᠭᠢᠭᠠᠤᠨ ᠭᠦᠮᠤᠨ ᠠᠮᠢᠳᠠᠨ ᠢ ᠢᠩᠭᠢᠳᠠᠯ᠎ᠠ ᠬᠠᠢ᠌ᠷ᠎ᠠ ᠰᠡᠳᠭᠢᠯ ᠤᠨ ᠬᠤᠯᠪᠣᠭᠠᠳᠠᠢ ᠵᠠᠶᠠᠭᠠᠭᠠᠤᠨ ᠶᠠᠭᠤ ᠭᠡᠵᠤ ᠡᠢ᠌ᠮᠤ ᠵᠤᠪᠠᠯᠠᠭᠠᠳᠠᠢ ᠬᠠᠭᠠᠴᠠᠭᠤᠯᠳᠠᠭ ᠪᠣᠢ ᠭᠡᠵᠤ ᠭᠠᠢ᠌ᠬᠠᠬᠤ ᠶᠤᠮ ᠡ᠃

ᠡᠵᠢ ᠮᠢᠨᠢ ᠡ᠂ ᠳᠠ ᠰᠡᠭᠦᠯ ᠤᠨ ᠦᠶ᠎ᠡ ᠳᠡᠭᠡᠨ ᠭᠡᠴᠢᠨᠡᠨ ᠰᠢᠨᠠᠯᠠᠵᠤ ᠡᠪᠠᠳᠦᠭ᠍ᠰᠡᠨ ᠪᠣᠯ ︖ ᠨᠤᠳᠤᠭ ᠤᠨ ᠮᠢᠨᠢ ᠭᠦᠷᠦᠰᠤᠨ ᠳᠤᠤᠷ᠎ᠠ ᠨᠣᠢ᠌ᠷᠠᠰᠤᠭᠠᠤᠨ ᠳᠠᠷᠠ ᠡᠪᠠᠦᠡᠴᠤ ᠭᠠᠰᠢᠯᠠᠭᠤᠯᠬᠤ ᠵᠤᠪᠠᠯᠭ᠎ᠠ ᠡᠴᠡ ᠰᠠᠯᠤᠭᠰᠠᠨ ᠦᠦ ︖ ᠳᠡᠭ᠍ᠷᠢ ᠪᠣᠷᠬᠠᠨ ᠴᠤ ᠵᠢᠷᠭᠤᠭᠠᠨ ᠬᠡᠦᠬᠡᠳ ᠨᠢ ᠡᠵᠢ ᠶᠢ ᠪᠠᠨ ᠡᠪᠡᠳᠴᠢᠨ ᠵᠤᠪᠠᠯᠭ᠎ᠠ ᠡᠴᠡ ᠰᠠᠯᠭᠠᠵᠤ ᠴᠢᠳᠠᠭᠰᠠᠨ ᠦᠭᠡᠶ ᠪᠣᠯᠬᠤᠷ ᠪᠢ ᠬᠠᠮᠵᠢᠵᠤ ᠦᠭ‍ᠭᠦᠶ᠎ᠡ ᠭᠡᠵᠤ ᠯᠠ ᠡᠵᠢ ᠵᠢ ᠮᠢᠨᠢ ᠡᠪᠡᠳᠴᠢᠨ ᠵᠤᠪᠠᠯᠭ᠎ᠠ ᠭᠡᠳᠡᠭ᠌ ᠪᠠᠢ᠌ᠳᠠᠭ ᠦᠭᠡᠶ ᠪᠣᠷᠬᠠᠠᠨ ᠤ ᠭᠠᠵᠠᠷ ᠠᠪᠠᠴᠢᠭᠰᠠᠨ ᠪᠠᠢ᠌ᠬ᠎ᠠ ︖ ᠡᠵᠢ ᠮᠢᠨᠢ ᠡ᠂ ᠵᠢᠷᠭᠤᠭᠠᠨ ᠬᠡᠦᠬᠡᠳ ᠴᠢᠨᠢ ᠳᠠᠩᠴᠤ ᠭᠦᠴᠤᠨ ᠮᠡᠭᠦᠰ ᠡ᠂ ᠳᠠᠩᠴᠤ ᠠᠴᠢᠯᠠᠯ ᠦᠭᠡᠶ ᠡ᠃ ᠬᠠᠷᠠᠵᠤ ᠪᠠᠢ᠌ᠭᠠᠤᠨ ᠯᠠ ᠳᠠᠨ ᠢ ᠪᠠᠨ ᠠᠯᠳᠠᠵᠤ ᠶᠠᠪᠣᠭᠤᠯᠤᠯ᠎ᠠ᠂ ᠡᠪᠡᠳᠴᠢᠨ ᠤ ᠵᠤᠪᠠᠯᠠᠩ ᠭᠡᠵᠤ ᠳᠠᠩᠴᠤ ᠨᠢᠳᠤ ᠦᠭᠡᠶ᠂ ᠵᠢᠷᠭᠤᠭᠠᠨ ᠬᠡᠦᠬᠡᠳ ᠶᠢᠡᠨ ᠥᠰᠭᠡᠵᠤ ᠥᠡᠳᠡᠢ᠌ᠯᠭᠡᠭᠡᠳ ᠠᠷᠠᠢ ᠵᠢᠷᠭᠠᠵᠤ ᠠᠮᠵᠢᠭ᠎ᠠ ᠦᠭᠡᠶ ᠪᠠᠢ᠌ᠳᠠᠯ᠎ᠠ᠂ ᠦᠷ᠎ᠡ ᠬᠡᠦᠬᠡᠳ ᠵᠢᠴᠢ ᠣᠮᠪᠣᠯᠤ ᠣᠴᠢ ᠶᠢᠨ ᠶᠢᠡᠨ ᠭᠦᠭᠡᠷᠦᠭᠦᠨ ᠪᠣᠢ᠌ᠵᠢᠯᠳᠠ ᠶᠢ ᠨᠢᠳᠤ ᠪᠠᠷ ᠶᠢᠡᠨ ᠬᠠᠷᠠᠵᠤ ᠬᠠᠨᠠᠭ᠎ᠠ ᠦᠭᠡᠶ ᠪᠠᠢ᠌ᠳᠠᠯ᠎ᠠ᠂ ᠭᠦᠮᠤᠨ ᠤ ᠨᠠᠰᠤᠨ ᠳᠤ ᠦᠨᠳᠦᠷ ᠣᠷᠭᠢᠯ ᠭᠡᠵᠤ ᠪᠠᠢ᠌ᠳᠠᠭ ᠪᠣᠯ ᠳᠠᠷᠠ ᠣᠷᠭᠢᠯ ᠳᠤ ᠭᠦᠷᠦᠭᠡ ᠦᠭᠡᠶ ᠪᠠᠢ᠌ᠳᠠᠯ᠎ᠠ ᠡᠵᠢ ᠶᠢ ᠮᠢᠨᠢ ᠳᠠᠩᠴᠤ ᠬᠠᠢ᠌ᠷ᠎ᠠ ᠡᠨᠡᠷᠢᠯ ᠦᠭᠡᠶ ᠪᠠᠷ ᠰᠠᠯᠭᠠᠵᠤ ᠠᠪᠠᠴᠢᠭᠰᠠᠨ ᠪᠠᠢ᠌ᠨ᠎ᠠ᠃

ᠡᠵᠢ ᠪᠠᠢ᠌ᠬᠤ ᠦᠭᠡᠶ ᠪᠠᠷ ᠳᠦᠷᠦᠭ᠍ᠰᠡᠨ ᠨᠤᠳᠤᠭ ᠮᠠᠨᠢ ᠴᠤ ᠶᠠᠭᠤ ᠨᠢᠭᠡ ᠪᠠᠷ ᠭᠡᠭᠦ ᠳᠡᠭᠡᠨ ᠳᠤᠳᠠᠵᠤ ᠪᠣᠯᠤᠰᠢ ᠦᠭᠡᠶ ᠨᠠᠠᠳᠢᠨ ᠵᠣᠢ᠌ᠯ ᠶᠢᠡᠷ ᠳᠤᠠᠳᠤᠭᠤᠷ ᠭᠦᠡᠳᠡᠢ᠌ᠭᠡᠨ ᠰᠠᠨᠠᠭᠳᠠᠭᠠᠤᠨ ᠨᠤᠳᠤᠭ ᠶᠢᠡᠨ ᠰᠠᠨᠠᠬᠤ ᠡᠴᠡ ᠵᠢᠷᠦᠭᠡ ᠰᠢᠮᠰᠢᠷᠠᠨ᠎ᠠ᠃ ᠠᠷᠤ ᠨᠤᠳᠤᠭ ᠭᠡᠷ ᠲᠡᠭᠡᠨ ᠬᠠᠷᠢᠶ᠎ᠠ ᠭᠡᠭᠦ ᠡᠴᠡ ᠡᠵᠢ ᠶᠢᠨ ᠪᠠᠢ᠌ᠭᠰᠠᠨ ᠳᠠᠷᠠ ᠬᠠᠯᠠᠭᠤᠨ ᠪᠦᠯᠢᠶᠡᠨ ᠪᠦᠳᠤᠨ ᠳᠦᠭᠦᠷᠡᠩ ᠭᠡᠷ ᠬᠤᠭᠤᠰᠤᠷᠠᠵᠤ ᠭᠦᠡᠳᠡᠢ᠌ᠷᠡᠭᠡᠳ ᠶᠠᠭᠠᠭᠢᠵᠤ ᠭᠡᠷ ᠲᠡᠭᠡᠨ ᠣᠷᠤᠨ᠎ᠠ ᠭᠡᠭᠦ ᠡᠴᠡ ᠵᠢᠷᠦᠭᠡ ᠡᠪᠠᠦᠡᠭᠦ ᠶᠤᠮ ᠡ  ᠃

ᠡᠵᠢ ᠶᠢᠨ ᠮᠢᠨᠢ ᠡᠳ᠋ᠯᠡᠵᠤ ᠪᠠᠷᠢᠵᠤ ᠪᠠᠢ᠌ᠭᠰᠠᠨ ᠶᠠᠭᠤᠮ᠎ᠠ ᠶᠢ ᠶᠠᠭᠠᠭᠢᠵᠤ ᠬᠠᠷᠠᠵᠤ ᠴᠢᠳᠠᠨ᠎ᠠ᠂ ᠡᠵᠢ ᠶᠢᠨ ᠮᠢᠨᠢ ᠭᠡᠪᠳᠡᠵᠤ ᠪᠠᠢ᠌ᠭᠰᠠᠨ ᠳᠠᠷᠠ ᠬᠤᠭᠤᠰᠤᠨ ᠣᠷᠤ ᠶᠢ ᠭᠡᠷᠭᠢᠨ ᠬᠠᠷᠠᠬᠤ ᠪᠢᠯᠠ ︖ ᠭᠡᠭᠦ ᠡᠴᠡ ᠢᠯᠡᠭᠦᠤ ᠪᠣᠳᠤᠵᠤ ᠴᠢᠳᠠᠬᠤ ᠦᠭᠡᠶ ᠣᠳᠠᠯ᠎ᠠ᠃

ᠡᠵᠢ ᠮᠢᠨᠢ ᠠᠭᠤᠴᠢᠯᠠᠭᠠᠷᠠᠢ᠂ ᠳᠠᠨ ᠳᠠᠭᠠᠨ ᠠᠷᠭ᠎ᠠ ᠦᠭᠡᠶ ᠬᠠᠢ᠌ᠷᠳᠠᠢ ᠪᠣᠯᠬᠤᠷ ᠬᠠᠮᠤᠭ ᠰᠡᠭᠦᠯ ᠳᠤ ᠨᠢᠳᠤ ᠪᠠᠨ ᠠᠨᠢᠬᠤ ᠶᠢ ᠴᠢᠨᠢ ᠬᠠᠷᠠᠵᠤ ᠴᠢᠳᠠᠬᠤ ᠦᠭᠡᠶ ᠬᠠᠶᠠᠵᠤ ᠭᠠᠷᠴᠤ ᠢᠷᠡᠭ᠍ᠰᠡᠨ᠂ ᠳᠡᠭᠡᠭᠦ ᠪᠠᠷ ᠮᠢᠨᠤ ᠬᠠᠷᠠᠭᠠᠨ ᠳᠤ᠂ ᠮᠢᠨᠤ ᠪᠣᠳᠤᠯ ᠳᠤ ᠳᠠ ᠠᠮᠢᠳᠤ ᠪᠠᠢ᠌ᠭ᠎ᠠ ᠭᠡᠪ ᠶᠢᠡᠷ ᠶᠢᠡᠨ ᠢᠯᠡᠷᠡᠭᠡᠳ ᠪᠠᠢ᠌ᠬᠤ ᠶᠤᠮ᠂ ᠶᠠᠭ ᠯᠠ ᠣᠷᠤᠨ ᠳᠡᠭᠡᠷ᠎ᠡ ᠪᠠᠨ ᠭᠡᠪᠳᠡᠵᠤ ᠪᠠᠢ᠌ᠭ᠎ᠠ ᠯᠠ ᠮᠠᠳᠤ᠃ ᠬᠠᠮᠤᠭ ᠤᠨ ᠰᠡᠭᠦᠯᠴᠢ ᠶᠢᠨ ᠬᠠᠮᠳᠤ ᠪᠠᠢ᠌ᠯᠴᠠᠭᠰᠠᠨ ᠬᠤᠷᠢᠨ ᠡᠳᠦᠷ ᠪᠠᠢ᠌ᠨ ᠳᠠᠭᠢᠨ ᠭᠡᠵᠢᠶ᠎ᠡ ᠬᠠᠮᠢᠶ᠎ᠠ ᠦᠭᠡᠶ ᠳᠠᠷᠢᠭᠢᠨ᠎ᠠ ᠢᠯᠠᠷᠠᠵᠤ ᠮᠥᠩᠭᠡ ᠠᠩᠭᠢᠵᠢᠷᠠᠭᠰᠠᠨ ᠭᠡᠭᠦ ᠶᠢ ᠢᠳᠡᠭᠡᠵᠤ ᠶᠠᠳᠠᠮᠠᠷ᠂ ᠮᠦᠨᠴᠤ ᠢᠳᠡᠭᠡᠭᠦ ᠳᠤᠷ᠎ᠠ ᠦᠭᠡᠶ ᠴᠤ ᠪᠠᠢ᠌ᠯ᠎ᠠ᠃

ᠦᠨᠦ ᠵᠢᠯ ᠤᠨ ᠬᠠᠩᠰᠢ ᠳᠤ ᠡᠵᠢ ᠶᠢᠨ ᠶᠢᠡᠨ ᠠᠯᠳᠠᠨ ᠪᠣᠩᠬᠤᠨ ᠳᠤ ᠦᠪᠡᠷ ᠤᠨ ᠭᠠᠷ ᠶᠢᠡᠷ ᠶᠢᠡᠨ ᠰᠢᠷᠤᠢ ᠨᠠᠮᠠᠶ᠎ᠠ ᠭᠡᠵᠤ ᠬᠠᠷᠢᠵᠤ ᠣᠴᠢᠯ᠎ᠠ᠂ ᠭᠡᠳᠦᠢ ᠢᠳᠡᠭᠡᠭᠦ ᠦᠭᠡᠶ ᠪᠠᠢ᠌ᠭᠰᠠᠨ ᠴᠤ ᠬᠠᠷᠢᠵᠤ ᠣᠴᠢᠯ᠎ᠠ᠃ ᠮᠠᠰᠢᠨ ᠡᠴᠡ ᠪᠠᠭᠤᠵᠤ ᠡᠭᠦᠳᠡ ᠣᠷᠤᠮᠠᠭᠴᠠ ᠶᠠᠭᠠᠭᠢᠵᠤ ᠳᠠᠷᠠ ᠡᠵᠢ ᠶᠢᠨ ᠭᠡᠪᠳᠡᠵᠤ ᠪᠠᠢ᠌ᠭᠰᠠᠨ ᠭᠡᠷ ᠲᠤ ᠣᠷᠤᠶ᠎ᠠ ᠭᠡᠵᠤ ᠠᠶᠤᠵᠤ ᠪᠠᠢ᠌ᠭᠰᠠᠨ ᠴᠤ ᠥᠭᠡ ᠴᠤ ᠭᠡᠯᠡᠵᠤ ᠴᠢᠳᠠᠬᠤ ᠪᠠᠨ ᠪᠠᠢ᠌ᠭᠰᠠᠨ ᠠᠪᠣ ᠶᠢ ᠪᠠᠨ ᠳᠤᠳᠠᠭᠤ ᠵᠤᠪᠠᠭᠠᠶ᠎ᠠ ᠭᠡᠵᠤ ᠦᠪᠡᠷ ᠶᠢᠡᠨ ᠴᠤ ᠢᠳᠡᠭᠡᠵᠤ ᠴᠢᠳᠠᠮᠠᠷ ᠦᠭᠡᠶ ᠮᠠᠳᠤ ᠳᠠᠰᠴᠤ ᠴᠢᠳᠠᠯ᠎ᠠ᠂ ᠶᠠᠮᠠᠷ ᠨᠢᠭᠡᠨ ᠭᠦᠴᠤᠨ ᠨᠠᠳᠠ ᠶᠢ ᠳᠡᠭᠡᠵᠤ ᠳᠠᠮᠵᠢᠵᠤ ᠲᠡᠳᠬᠦᠨ ᠪᠠᠢ᠌ᠵᠤ ᠬᠠᠰᠢᠶᠠᠨ ᠡᠭᠦᠳᠡ ᠣᠷᠤᠮᠭᠴᠠ ᠳᠠᠰᠴᠤ ᠴᠢᠳᠠᠬᠤ ᠦᠭᠡᠶ ᠭᠡᠷ ᠤᠨ ᠠᠷᠤ ᠪᠠᠷ ᠳᠠᠷᠢᠶᠠᠨ ᠳᠤᠮᠳᠠᠭᠤᠷ ᠭᠦᠶ‍ᠦᠵᠤ ᠣᠷᠤᠭᠠᠤᠨ ᠳᠠᠭᠤᠨ ᠠᠯᠳᠠᠳᠠᠯ᠎ᠠ ᠣᠭᠢᠯᠠᠬᠤ ᠴᠤ ᠮᠠᠭᠠᠤᠨ ᠪᠠᠢ᠌ᠭᠰᠠᠨ ᠪᠠᠢ᠌ᠳᠠᠯ ᠡᠴᠡ ᠠᠪᠣᠷᠠᠵᠤ᠂ ᠨᠠᠳᠠ ᠶᠢ ᠪᠠᠨ ᠬᠠᠷᠠᠭᠠᠤᠨ ᠣᠭᠢᠯᠭᠰᠠᠨ ᠦᠭᠡᠶ ᠠᠪᠣ ᠶᠢ ᠪᠠᠨ ᠬᠠᠷᠠᠭᠠᠤᠨ ᠣᠯᠠᠮ ᠵᠤᠷᠢᠭᠵᠢᠨ ᠬᠠᠮᠢᠶ᠎ᠠ ᠦᠭᠡᠶ ᠪᠣᠯᠵᠤ ᠴᠢᠳᠠᠯ᠎ᠠ᠃ ᠣᠤᠯ ᠡᠴᠡ ᠪᠠᠨ ᠳᠡᠩᠭᠡᠵᠢᠵᠤ ᠪᠠᠢ᠌ᠭ᠎ᠠ ᠠᠪᠣ ᠶᠢ ᠪᠠᠨ ᠬᠠᠷᠠᠨ ᠬᠠᠷᠠᠨ ᠠᠮᠢᠳᠤᠷᠠᠯ ᠤᠨ ᠬᠠᠳᠠᠭᠤ ᠵᠤᠪᠠᠯᠠᠩ ᠢ ᠬᠠᠮᠳᠤ ᠯᠠ ᠭᠡᠳᠦᠯᠭᠦ ᠭᠡᠷᠡᠭ᠌ ᠲᠡᠶ ᠭᠡᠳᠡᠭ᠌ ᠢ ᠣᠬᠠᠭᠠᠷᠠᠵᠤ᠂ ᠠᠪᠣ ᠮᠠᠨᠢ ᠨᠠᠩ ᠡᠢ᠌ᠮᠦᠷᠭᠦ ᠭᠦᠴᠤᠨ ᠣᠯᠬᠤ ᠭᠡᠷᠡᠭ᠌ ᠲᠡᠶ ᠭᠡᠭᠦ ᠡᠴᠡ ᠰᠠᠨᠠᠭᠰᠠᠨ ᠡᠴᠡ ᠭᠠᠳᠠᠭᠤᠷ ᠰᠢᠯᠤᠭᠤᠨ ᠶᠠᠪᠣᠭᠳᠠᠪᠠ᠃ ᠬᠠᠭᠠᠰ ᠵᠢᠯ ᠤᠨ ᠬᠤᠭᠤᠴᠠᠭᠠᠨ ᠤ ᠡᠳᠦᠷ ᠰᠦᠨᠢ ᠶᠢ ᠠᠪᠣ ᠮᠠᠨᠢ ᠬᠠᠨᠢ ᠶᠢ ᠪᠠᠨ ᠦᠭᠡᠶ ᠪᠠᠷ ᠥᠩᠭᠡᠷᠡᠭᠦᠯᠵᠤ ᠢᠷᠡᠭᠡᠳ ᠨᠢᠭᠡᠨᠲᠡ ᠳᠠᠰᠴᠤ ᠭᠦᠯᠢᠶᠡᠵᠤ ᠠᠪᠴᠤ ᠴᠢᠳᠠᠬᠤ ᠦᠭᠡᠶ ᠪᠠᠢ᠌ᠭᠰᠠᠨ ᠴᠤ ᠭᠦᠯᠢᠶᠡᠵᠤ ᠠᠪᠬᠤ ᠦᠭᠡᠶ ᠪᠣᠯᠬᠤ ᠦᠭᠡᠶ ᠪᠣᠯᠬᠤᠷ ᠭᠦᠯᠢᠶᠡᠵᠤ ᠯᠠ ᠠᠪᠴᠤ ᠪᠠᠢ᠌ᠨ᠎ᠠ ᠭᠡᠮᠡᠷ ᠡᠵᠢ ᠶᠢ ᠮᠠᠨᠢ ᠡᠳᠡᠭᠡᠷᠡᠭᠦ ᠦᠭᠡᠶ ᠡᠪᠡᠳᠴᠢᠨ ᠭᠦᠷᠦᠭ᠍ᠰᠡᠨ ᠭᠡᠳᠡᠭ᠌ ᠢ ᠠᠩᠬ᠎ᠠ ᠳᠤᠳᠤᠯᠠᠭᠰᠠᠨ ᠦᠶ᠎ᠡ ᠰᠢᠭ᠌ ᠳᠠᠭᠤᠨ ᠠᠯᠳᠠᠵᠤ ᠣᠭᠢᠯᠠᠭᠰᠠᠨ ᠦᠭᠡᠶ ᠨᠢ ᠨᠠᠳᠠ ᠶᠢ ᠴᠤ ᠶᠡᠭᠡᠳᠡ ᠵᠤᠷᠢᠭᠵᠢᠭᠤᠯᠪᠠ᠃ ᠠᠯᠤᠰ ᠡᠴᠡ ᠬᠠᠷᠢᠭᠰᠠᠨ ᠨᠠᠳᠠ ᠶᠢ ᠮᠦᠨᠴᠤ ᠶᠠᠪᠣᠴᠢᠬᠤ ᠪᠣᠢ ᠭᠡᠵᠤ ᠠᠶᠤᠬᠤ ᠰᠢᠭ ᠠᠪᠣ ᠮᠢᠨᠢ ᠳᠠᠩᠳᠠ ᠨᠠᠳᠠ ᠲᠡᠶ ᠬᠠᠮᠳᠤ ᠪᠠᠢ᠌ᠬᠤ ᠳᠤᠷᠠᠳᠠᠢ᠂ ᠨᠠᠳᠠ ᠶᠢ ᠬᠠᠮᠢᠭ᠎ᠠ ᠣᠴᠢᠪᠠᠯ ᠳᠠᠰᠢ ᠪᠠᠨ ᠵᠦᠪ ᠵᠠᠷᠤᠭᠳᠠᠬᠤ ᠪᠠᠨ ᠪᠣᠯᠤᠭᠰᠠᠨ ᠭᠦᠯ ᠭᠠᠷ ᠶᠢᠡᠨ ᠴᠢᠷᠴᠤ ᠣᠴᠢᠨ᠎ᠠ᠃ ᠡᠨᠡ ᠨᠢ ᠴᠤ ᠬᠠᠷᠢᠨ ᠡᠵᠢ ᠶᠢᠨ ᠶᠢᠡᠨ ᠭᠡᠪᠳᠡᠵᠤ ᠪᠠᠢ᠌ᠭᠰᠠᠨ ᠳᠠᠷᠠ ᠦᠷᠦᠭᠡ ᠳᠠᠷᠠ ᠣᠷᠤᠨ ᠳᠤ ᠭᠦᠷᠴᠤ ᠨᠢᠳᠤ ᠪᠠᠷ ᠶᠢᠡᠨ ᠢᠳᠡᠭᠡᠳᠡᠯ᠎ᠡ ᠬᠠᠷᠠᠵᠤ ᠬᠤᠷᠢᠵᠤ ᠪᠠᠷᠢᠵᠤ ᠪᠠᠢ᠌ᠭᠰᠠᠨ ᠶᠢᠡᠨ ᠪᠦᠭᠦᠨ ᠢ ᠠᠭᠤᠳᠠᠯᠠᠮᠠᠷ ᠵᠠᠪ ᠣᠯᠭᠤᠭᠰᠠᠨ ᠦᠭᠡᠶ᠃ ᠣᠷᠤᠢ ᠨᠢ ᠡᠵᠢ ᠶᠢᠨ ᠶᠢᠡᠨ ᠣᠷᠤᠨ ᠳᠤ ᠭᠡᠪᠳᠡᠵᠤ ᠪᠦᠳᠤᠨ ᠰᠦᠨᠢ ᠡᠵᠢ ᠶᠢ ᠪᠠᠨ ᠰᠠᠨᠠᠵᠤ ᠰᠡᠳᠭᠢᠯ ᠳᠤᠳᠤᠷ᠎ᠠ ᠪᠠᠨ ᠶᠠᠷᠢᠯᠴᠠᠵᠤ ᠭᠡᠪᠳᠡᠶ᠎ᠡ ᠭᠡᠵᠤ ᠪᠣᠳᠤᠵᠤ ᠪᠠᠢ᠌ᠭᠰᠠᠨ ᠴᠤ ᠠᠪᠣ ᠮᠠᠨᠢ ᠬᠠᠵᠠᠭᠤ ᠳᠤ ᠮᠢᠨᠢ ᠠᠮᠠᠷᠠᠭᠠᠷᠠᠢ ᠭᠡᠵᠤ ᠵᠦᠪ ᠵᠠᠷᠤᠭᠳᠠᠬᠤ ᠦᠭᠡᠢ ᠭᠠᠷ ᠶᠢᠡᠷ ᠶᠢᠡᠨ ᠳᠤᠭᠢᠭᠰᠠᠨ ᠪᠣᠯᠬᠤᠷ ᠪᠠᠰᠠ ᠯᠠ ᠣᠴᠢᠵᠤ ᠴᠢᠳᠠᠭᠰᠠᠨ ᠦᠭᠡᠶ᠃ ᠡᠳᠦᠷ ᠨᠢ ᠪᠢ ᠵᠠᠪ ᠣᠯᠵᠤ ᠬᠠᠯᠳᠤ ᠯᠠ ᠨᠥᠭᠦᠭᠡ ᠦᠷᠦᠭᠡᠨ ᠳᠤ ᠣᠷᠤᠵᠤ ᠣᠴᠢᠳᠠᠯ᠎ᠠ ᠠᠪᠣ ᠮᠠᠨᠢ ᠳᠡᠭᠡᠭ᠍ᠰᠡᠨ ᠤ ᠭᠡᠷᠡᠭ᠌ ᠦᠭᠡᠶ ᠡ᠂ ᠡᠵᠢ ᠴᠢᠨᠢ ᠣᠯᠠᠮ ᠵᠤᠪᠠᠨ᠎ᠠ ᠰᠢᠤ᠂ ᠠᠪᠣ ᠨᠢ ᠪᠦᠷ ᠣᠢ᠌ᠯᠠᠭᠠᠵᠤ ᠪᠠᠢ᠌ᠨ᠎ᠠ ᠭᠡᠭᠦ ᠰᠢᠭ᠌ ᠠᠷᠤ ᠡᠴᠡ ᠰᠠᠩᠳᠠ ᠮᠠᠩᠳᠠ ᠲᠠᠭᠠᠨ ᠣᠷᠤᠵᠤ ᠢᠷᠡᠭᠡᠳ ᠨᠥᠭᠦᠭᠡ ᠦᠷᠦᠭᠡᠨ ᠵᠥᠭ᠌ ᠭᠠᠷ ᠶᠢᠡᠷ ᠵᠢᠭᠠᠨ᠎ᠠ᠂ ᠣᠬᠠᠭᠠᠨ ᠨᠢ ᠶᠠᠭᠠᠭᠢᠬᠤ ᠪᠣᠢ ᠶᠠᠪᠣᠶ᠎ᠠ ᠭᠡᠵᠤ ᠪᠠᠢ᠌ᠨ᠎ᠠ᠃ ᠳᠠᠷᠠ ᠦᠷᠦᠭᠡ ᠭᠦᠮᠤᠨ ᠬᠤᠨᠤᠵᠤ ᠪᠠᠢ᠌ᠭ᠎ᠠ ᠦᠭᠡᠶ ᠪᠣᠯᠬᠤᠷ ᠳᠠᠪᠤᠨ ᠰᠠᠷ᠎ᠠ ᠶᠢᠨ ᠡᠭᠢ ᠪᠣᠯᠵᠤ ᠪᠠᠢ᠌ᠳᠠᠯ᠎ᠠ ᠭᠦᠪ ᠭᠦᠢᠳᠡᠨ ᠪᠠᠢ᠌ᠯ᠎ᠠ᠂ ᠠᠪᠣ ᠶᠢ ᠪᠠᠨ ᠳᠠᠭᠠᠷᠠᠬᠤ ᠪᠣᠢ ᠭᠡᠵᠤ ᠳᠠᠮᠠᠢ ᠣᠳᠠᠯ ᠦᠭᠡᠶ ᠰᠤᠭᠤᠨ ᠡᠴᠡ ᠨᠢ ᠲᠦᠰᠢᠵᠤ ᠳᠠᠷᠠ ᠦᠷᠦᠭᠡᠨ ᠡᠴᠡ ᠭᠠᠷᠴᠤ ᠶᠠᠪᠣᠯ᠎ᠠ᠃ ᠰᠦᠨᠢ ᠨᠢ ᠪᠢ ᠠᠪᠣ ᠶᠢᠨ ᠶᠢᠡᠨ ᠬᠠᠵᠠᠭᠤ ᠳᠤ ᠭᠡᠪᠳᠡᠵᠤ ᠣᠯᠠᠨ ᠶᠠᠭᠤᠮ᠎ᠠ ᠪᠣᠳᠤᠵᠤ ᠣᠳᠠᠳᠠᠯ᠎ᠠ ᠨᠣᠢ᠌ᠷ ᠭᠦᠷᠭᠦ ᠦᠭᠡᠶ ᠪᠠᠢ᠌ᠯ᠎ᠠ᠃ ᠭᠦᠭᠡᠷᠦᠭᠡᠢ ᠠᠪᠣ ᠮᠠᠨᠢ ᠨᠠᠰᠤᠨ ᠤ ᠬᠠᠨᠢ ᠪᠠᠨ ᠳᠠᠩᠴᠤ ᠡᠷᠳᠡ ᠠᠯᠳᠠᠵᠤ ᠶᠠᠪᠣᠭᠤᠯᠤᠭᠠᠤᠨ ᠡᠨᠡ ᠬᠤᠷᠸ᠎ᠠ ᠳᠤ ᠭᠡᠨ ᠡᠴᠡ ᠴᠤ ᠢᠯᠡᠭᠦᠤ ᠴᠢᠨᠠᠭᠰᠢᠯᠠᠨ ᠵᠢᠷᠭᠤᠭᠠᠨ ᠬᠡᠦᠬᠡᠳ ᠡᠴᠡ ᠪᠠᠨ ᠢᠯᠡᠭᠦᠤ ᠭᠠᠰᠢᠭᠤᠳᠠᠨ ᠭᠠᠭᠴᠠᠭᠠᠷᠳᠠᠵᠤ ᠬᠠᠢ᠌ᠷᠠᠳᠠᠢ ᠬᠠᠨᠢ ᠶᠢᠨ ᠶᠢᠡᠨ ᠨᠠᠰᠤ ᠪᠠᠷᠠᠬᠤ ᠳᠠᠭᠠᠨ ᠭᠡᠪᠳᠡᠵᠤ ᠪᠠᠢ᠌ᠭᠰᠠᠨ ᠦᠷᠦᠭᠡᠨ ᠳᠤ ᠣᠷᠤᠬᠤ ᠡᠴᠡ ᠵᠢᠷᠦᠭᠡ ᠨᠢ ᠨᠠᠩ ᠰᠢᠮᠰᠢᠷᠡᠭᠦ ᠪᠢᠵᠠ᠃ ᠳᠡᠭᠡᠭᠡᠳ ᠬᠠᠢ᠌ᠷᠠᠳᠠᠢ ᠵᠢᠷᠭᠤᠭᠠᠨ ᠬᠡᠦᠬᠡᠳ ᠶᠢᠡᠨ ᠴᠤ ᠳᠤᠳᠠᠭᠤ ᠵᠤᠪᠠᠭᠠᠬᠤ ᠭᠡᠵᠤ ᠴᠢᠷᠮᠠᠢ᠌ᠵᠤ ᠪᠠᠢ᠌ᠨ᠎ᠠ᠂ ᠭᠦᠮᠤᠨ ᠤ ᠡᠴᠢᠭᠡ ᠡᠭᠡ ᠭᠡᠵᠤ ᠡᠢ᠌ᠮᠤ ᠯᠠ ᠪᠠᠢ᠌ᠨ᠎ᠠ᠃ ᠭᠦᠮᠤᠨ ᠤ ᠡᠴᠢᠭᠡ ᠡᠭᠡ ᠪᠣᠯᠤᠭᠰᠠᠨ ᠳᠠᠷᠠ ᠴᠠᠭ ᠡᠴᠡ ᠦᠷ᠎ᠡ ᠨᠢ ᠪᠣᠯᠵᠤ ᠵᠠᠶᠠᠭᠠᠭᠰᠠᠨ ᠬᠡᠦᠬᠡᠳ ᠶᠢᠡᠨ ᠭᠡᠳᠦᠢ ᠪᠣᠯᠤᠭᠰᠠᠨ ᠴᠤ ᠭᠡᠵᠢᠶ᠎ᠡ ᠪᠣᠯᠤᠭᠰᠠᠨ ᠴᠤ ᠴᠢᠨᠠᠭᠰᠢᠯᠠᠨ ᠡᠴᠦᠰ ᠤᠨ ᠡᠴᠦᠰ ᠪᠣᠯᠳᠠᠯ᠎ᠠ ᠴᠤ ᠬᠠᠮᠠᠭᠠᠯᠠᠨ ᠬᠠᠢ᠌ᠷᠠᠯᠠᠬᠤ ᠭᠡᠵᠤ ᠴᠢᠷᠮᠠᠢ᠌ᠳᠠᠭ ᠪᠠᠢ᠌ᠬᠤ ᠦᠭᠡᠶ ᠦᠦ ᠳ᠋ᠠ᠃

ᠲ᠋ᠠᠷᠠᠭ᠎ᠠ ᠡᠳᠦᠷ ᠨᠢ ᠬᠠᠩᠰᠢᠨ ᠤ ᠡᠳᠦᠷ ᠪᠣᠯᠬᠤᠷ ᠦᠷᠯᠦᠭᠡ ᠡᠷᠳᠡ ᠡᠴᠡ ᠪᠡᠯᠡᠳᠭᠡᠵᠤ ᠶᠠᠭᠠᠷᠠᠪᠠ᠂ ᠡᠵᠢ ᠶᠢᠨ ᠶᠢᠡᠨ ᠠᠮᠢᠳᠤ ᠪᠠᠢ᠌ᠭ᠎ᠠ ᠦᠶ᠎ᠡ ᠳᠤ ᠳᠤᠷᠠᠳᠠᠢ ᠵᠣᠢ᠌ᠯ ᠢ ᠨᠢ ᠢᠷᠡᠭᠦ ᠪᠣᠯᠭᠠᠨ ᠠᠪᠴᠢᠷᠠᠵᠤ ᠥᠭ᠍ᠳᠡᠭ᠌ ᠵᠤᠷᠰᠢᠯ ᠶᠢᠡᠷ ᠠᠪᠴᠢᠷᠠᠭᠰᠠᠨ ᠢᠳᠡᠭᠡᠨ ᠣᠮᠳᠠᠭᠠᠨ ᠶᠢᠡᠨ ᠪᠣᠯᠬᠤᠷ ᠲᠦᠯᠠᠰᠢ ᠪᠣᠯᠭᠠᠨ ᠠᠪᠴᠠᠢ᠂ ᠠᠪᠣ ᠮᠠᠨᠢ ᠴᠤ ᠡᠷᠳᠡ ᠪᠣᠰᠴᠤ ᠳᠤᠰᠠ ᠪᠣᠯᠵᠤ ᠴᠢᠳᠠᠬᠤ ᠦᠭᠡᠶ ᠴᠤ ᠬᠠᠷᠠᠵᠤ ᠰᠠᠭᠤᠭᠠᠤᠨ ᠳᠤᠷᠠᠳᠠᠢ ᠯᠠ ᠪᠠᠢ᠌ᠯ᠎ᠠ᠂ ᠦᠪᠡᠷ ᠶᠢᠡᠨ ᠣᠴᠢᠵᠤ ᠴᠢᠳᠠᠬᠤ ᠦᠭᠡᠶ ᠴᠤ ᠨᠠᠳᠠ ᠶᠢ ᠣᠴᠢᠨ᠎ᠠ ᠭᠡᠭᠦ ᠡᠴᠡ ᠪᠠᠶᠠᠷᠯᠠᠵᠤ ᠪᠠᠢ᠌ᠬᠤ ᠨᠢ ᠮᠡᠳᠡᠭ᠍ᠳᠡᠨ᠎ᠡ᠂ ᠮᠠᠨᠤᠰ ᠤᠨ ᠪᠡᠯᠡᠳᠭᠡᠵᠤ ᠪᠠᠢ᠌ᠭ᠎ᠠ ᠲᠦᠯᠠᠰᠢ ᠶᠢᠨ ᠵᠣᠢ᠌ᠯ ᠢ ᠨᠢᠳᠤ ᠪᠠᠷ ᠶᠢᠡᠨ ᠬᠠᠷᠠᠵᠤ ᠰᠠᠨᠠᠭᠠᠨ ᠳ᠋ᠤᠨᠢ ᠵᠤᠭᠢᠭᠰᠠᠨ ᠪᠣᠯᠤᠯᠳᠠᠢ ᠳᠤᠯᠤᠭᠠᠢ ᠳᠤᠭᠢᠵᠤ ᠰᠠᠭᠤᠵᠤ ᠪᠠᠢ᠌ᠯ᠎ᠠ᠃

ᠠᠷᠪᠠᠭᠠᠤᠨ ᠭᠠᠵᠠᠷ ᠤᠨ ᠵᠠᠢ ᠮᠠᠰᠢᠨ ᠶᠢᠡᠷ ᠭᠡᠳᠦᠢ ᠶᠠᠪᠣᠬᠤ ᠪᠣᠢ᠂ ᠵᠠᠮ ᠳᠠᠳᠤᠢ ᠯᠠ ᠰᠠᠢ᠌ᠨ ᠪᠠᠢ᠌ᠭᠰᠠᠨ ᠦᠭᠡᠶ ᠴᠤ ᠴᠠᠭ ᠭᠢᠷᠠᠳᠠᠢ ᠭᠦᠶ‍ᠦᠯᠭᠡᠭᠡᠳ ᠪᠠᠭ᠎ᠠ ᠣᠩᠭ᠋ᠤᠨ ᠤ ᠭᠠᠵᠠᠷ ᠭᠦᠷᠴᠤ ᠵᠤᠭᠰᠤᠪᠠ᠃ ᠭᠦᠮᠤᠨ ᠪᠣᠯᠤᠭᠠᠤᠨ ᠠᠬᠠᠮᠠᠤᠨ ᠤᠨ ᠣᠩᠭ᠋ᠤᠨ ᠤ ᠭᠠᠵᠠᠷ ᠠᠩᠬ᠎ᠠ ᠭᠦᠷᠴᠤ ᠣᠴᠢᠯ᠎ᠠ᠂ ᠪᠠᠭ᠎ᠠ ᠶᠢᠨ ᠦᠶ᠎ᠡ ᠳᠤ ᠦᠬᠢᠨ ᠭᠦᠮᠤᠨ ᠢ ᠣᠩᠭ᠋ᠤᠨ ᠤ ᠭᠠᠵᠠᠷ ᠣᠴᠢᠭᠤᠯᠳᠠᠭ ᠦᠭᠡᠶ ᠵᠤᠷᠰᠢᠯ ᠲᠡᠶ ᠪᠠᠢ᠌ᠯ᠎ᠠ᠃ ᠪᠠᠭ᠎ᠠ ᠣᠩᠭ᠋ᠤᠨ ᠤ ᠭᠠᠵᠠᠷ ᠭᠡᠳᠡᠭ᠌ ᠴᠤ ᠪᠠᠭ᠎ᠠ ᠦᠭᠡᠶ ᠣᠩᠭ᠋ᠤᠨ ᠲᠡᠶ ᠪᠠᠢ᠌ᠯ᠎ᠠ᠂ ᠳᠠᠷᠠ ᠣᠯᠠᠨ ᠣᠩᠭ᠋ᠤᠳ ᠤᠨ ᠳᠤᠳᠤᠷ᠎ᠠ ᠡᠴᠡ ᠠᠯᠢ ᠨᠢ ᠮᠢᠨᠤ ᠡᠵᠢ ᠶᠢᠨ ᠣᠩᠭ᠋ᠤᠨ ᠪᠣᠯ ᠳ᠋ᠠ ᠭᠡᠵᠤ ᠨᠢᠳᠤ ᠪᠠᠷ ᠶᠢᠡᠨ ᠶᠠᠭᠠᠷᠠᠨ ᠡᠷᠢᠪᠡ᠂ ᠬᠠᠮᠳᠤ ᠣᠴᠢᠭᠰᠠᠨ ᠠᠬ᠎ᠠ ᠮᠢᠨᠤ ᠰᠠᠨᠠᠭ᠎ᠠ ᠶᠢ ᠣᠢ᠌ᠯᠠᠭᠠᠵᠤ ᠪᠠᠢ᠌ᠭ᠎ᠠ ᠰᠢᠭ ᠰᠢᠨᠡᠭᠡᠨ ᠮᠦᠷᠳᠡᠭᠡᠨ ᠪᠣᠭᠤᠨᠢᠬᠠᠨ ᠰᠢᠭ ᠣᠩᠭ᠋ᠤᠨ ᠢ ᠵᠢᠭᠠᠵᠤ ᠳᠠᠷᠠ ᠨᠢ ᠪᠣᠯ ᠡᠵᠢ ᠶᠢᠨ ᠣᠩᠭ᠋ᠤᠨ ᠪᠣᠯᠤᠨ᠎ᠠ ᠭᠡᠨ᠎ᠡ᠃

ᠵᠠᠮ ᠵᠠᠭᠤᠷ᠎ᠠ ᠳᠠᠷᠢᠶᠠᠨ ᠭᠠᠵᠠᠷ ᠵᠢᠴᠢ ᠨᠤᠳᠤᠭ ᠤᠨ ᠶᠢᠡᠨ ᠡᠷᠭᠢ ᠳᠠᠪᠠᠭ᠎ᠠ ᠶᠢ ᠬᠠᠷᠠᠭᠠᠤᠨ ᠪᠣᠶᠤ ᠳᠠᠨᠢᠯ ᠳᠠᠰᠤᠯ ᠴᠢᠷᠠᠢ ᠲᠡᠶ ᠭᠦᠮᠦᠰ ᠲᠡᠶ ᠮᠠᠰᠢᠨ ᠳᠡᠭᠡᠷ᠎ᠡ ᠡᠴᠡ ᠬᠠᠯᠳᠤ ᠵᠦᠷᠢᠨ ᠵᠦᠷᠢᠨ ᠭᠠᠷᠳᠠᠭ ᠡᠴᠡ ᠶᠤᠮ ᠦᠦ ᠵᠢᠷᠦᠭᠡ ᠳᠠᠳᠤᠢ ᠯᠠ ᠭᠡᠴᠡᠭᠦᠤ ᠳᠤᠭᠳᠤᠯᠠᠭᠠᠤᠨ ᠬᠤᠷᠢᠵᠤ ᠳᠡᠢ᠌ᠯᠭᠦ ᠦᠭᠡᠶ ᠪᠠᠢ᠌ᠭᠰᠠᠨ ᠪᠢᠰᠢ᠂ ᠭᠡᠳᠡᠯ᠎ᠡ ᠡᠵᠢ ᠶᠢᠨ ᠶᠢᠡᠨ ᠣᠩᠭ᠋ᠤᠨ ᠢ ᠳᠠᠨᠢᠭᠰᠠᠨ ᠳᠠᠷᠠ ᠯᠠ ᠊ᠭ᠍ᠱᠡᠨ ᠡᠴᠡ ᠵᠢᠷᠦᠭᠡ ᠴᠡᠭᠡᠵᠢᠨ ᠳᠡᠭᠡᠨ ᠪᠠᠭᠳᠠᠵᠤ ᠶᠠᠳᠠᠨ ᠳᠦᠭ᠍ᠰᠢᠵᠤ ᠨᠢᠳᠤᠨ ᠤ ᠨᠢᠯᠪᠣᠰᠤ ᠶᠠᠭᠠᠭᠢᠭᠰᠠᠨ ᠴᠤ ᠬᠤᠷᠢᠵᠤ ᠴᠢᠳᠠᠰᠢ ᠦᠭᠡᠶ ᠪᠠᠷ ᠰᠠᠳᠠᠷᠠᠨ ᠭᠠᠷᠪᠠ᠃ ᠡᠵᠢ ᠮᠢᠨᠢ ᠡᠨᠡ ᠣᠩᠭ᠋ᠤᠨ ᠳᠤ ᠭᠡᠪᠳᠡᠵᠤ ᠪᠠᠢ᠌ᠨᠠᠤ ᠭᠡᠭᠦ ᠡᠴᠡ ᠡᠵᠢ ᠶᠢ ᠪᠠᠨ ᠦᠷᠤ ᠡᠪᠠᠳᠴᠤ ᠡᠨᠡ ᠡᠵᠡᠭᠦᠢ ᠭᠦᠢᠳᠡᠨ ᠭᠦᠷᠦᠰᠤᠨ ᠳᠤᠤᠷ᠎ᠠ ᠭᠡᠳᠦᠢ ᠴᠤ ᠤᠢ᠌ᠳᠬᠠᠷ ᠲᠡᠶ ᠪᠠᠢ᠌ᠭ᠎ᠠ ᠪᠣᠯ ︖ ᠰᠢᠨ᠎ᠠ ᠣᠩᠭ᠋ᠤᠨ ᠶᠠᠷᠤ ᠨᠢ ᠡᠢ᠌ᠮᠤ ᠪᠣᠭᠤᠨᠢ ᠪᠠᠢ᠌ᠳᠠᠭ ᠴᠤ ᠡᠵᠢ ᠶᠢᠨ ᠣᠩᠭ᠋ᠤᠨ ᠪᠣᠰᠤᠳ ᠣᠩᠭ᠋ᠤᠨ ᠡᠴᠡ ᠪᠣᠭᠤᠨᠢ ᠪᠠᠢ᠌ᠬᠤ ᠳᠤ ᠨᠢ ᠣᠰᠤᠯ ᠴᠤ ᠪᠣᠯᠬᠤ ᠰᠢᠭ᠂ ᠬᠤᠶᠠᠷ ᠴᠤ ᠪᠦᠳᠤᠨ ᠳᠡᠷᠭᠡ ᠰᠢᠷᠤᠢ ᠨᠠᠮᠠᠵᠤ ᠳᠡᠭᠡᠭ᠍ᠰᠢ ᠪᠣᠰᠴᠤ ᠭᠠᠷᠴᠤ ᠢᠷᠡᠭᠦ ᠳᠤ ᠰᠡᠳᠭᠢᠯ ᠳᠤ ᠴᠤ ᠳᠠᠭᠠᠳᠠᠢ ᠪᠣᠯᠵᠤ ᠢᠷᠡᠭ᠍ᠰᠡᠨ ᠪᠠᠢ᠌ᠯ᠎ᠠ᠃ ᠰᠢᠷᠤᠢ ᠨᠠᠮᠠᠵᠤ ᠳᠠᠭᠤᠰᠤᠭᠠᠤᠨ ᠡᠵᠢ ᠶᠢᠨ ᠶᠢᠡᠨ ᠣᠩᠭ᠋ᠤᠨ ᠤ ᠡᠮᠦᠨ᠎ᠡ ᠰᠥᠭᠦᠳᠤᠨ ᠨᠣᠢ᠌ᠷᠰᠤᠨ ᠪᠠᠢ᠌ᠭ᠎ᠠ ᠠᠯᠳᠠᠨ ᠭᠦᠷᠦᠰᠤᠨ ᠳᠤ ᠮᠦᠷᠭᠦᠨ ᠡᠵᠢ ᠳᠡᠭᠡᠨ ᠰᠡᠳᠭᠢᠯ ᠤᠨ ᠥᠭᠡ ᠪᠠᠨ ᠠᠭᠤᠵᠢᠷᠠᠳᠠᠯ᠎ᠠ ᠶᠠᠷᠢᠶ᠎ᠠ ᠭᠡᠵᠤ ᠪᠠᠢ᠌ᠳᠠᠯ᠎ᠠ ᠪᠣᠰᠤᠳ ᠠᠢ᠌ᠯ ᠠᠮᠢᠳᠠᠨ ᠤ ᠭᠢᠨ ᠪᠦᠭᠦᠳᠡᠭᠡᠷ ᠭᠦᠷᠦᠯᠴᠡᠨ ᠢᠷᠡᠵᠡᠭᠡᠵᠤ ᠳᠦᠷᠭᠢᠯᠴᠠᠨ ᠥᠢᠮᠡᠭᠦᠯᠪᠡ᠃

ᠵᠢᠯ ᠪᠦᠷᠢ ᠶᠢᠨ ᠬᠠᠩᠰᠢ ᠳᠤ ᠢᠩᠭᠢᠵᠤ ᠠᠢ᠌ᠯ ᠠᠢ᠌ᠮᠠᠭᠳᠠᠨ ᠤ ᠭᠢᠨ ᠴᠤᠭᠯᠠᠷᠠᠵᠤ ᠲᠦᠯᠠᠰᠢ ᠡᠷᠭᠦᠳᠡᠭ᠌ ᠵᠤᠷᠰᠢᠯ ᠲᠡᠶ ᠪᠠᠢ᠌ᠯ᠎ᠠ᠃

ᠢᠷᠡᠭ᠍ᠰᠡᠨ ᠭᠦᠮᠦᠰ ᠵᠢᠯ ᠪᠦᠷᠢ ᠢᠷᠡᠳᠡᠭ᠌ ᠯᠠ ᠭᠡᠭᠦ ᠰᠢᠭ᠌ ᠭᠢᠳᠡᠭ᠌ ᠵᠣᠢ᠌ᠯ ᠶᠢᠡᠨ ᠭᠢᠭᠡᠳ ᠠᠵᠢᠭ ᠴᠤ ᠦᠭᠡᠶ ᠶᠠᠷᠢᠶ᠎ᠠ ᠭᠦᠦᠷᠭᠡ ᠲᠡᠶ ᠪᠠᠢ᠌ᠯᠴᠠᠵᠤ ᠵᠠᠷᠢᠮ ᠵᠠᠯᠠᠭᠤᠴᠤᠳ ᠨᠢ ᠦᠨᠳᠦᠷ ᠮᠠᠩᠬ᠎ᠠ ᠥᠭᠡᠳᠡ ᠮᠤᠲ᠋ᠤᠷ ᠶᠢᠡᠷ ᠣᠷᠤᠯᠳᠤᠨ ᠣᠤᠯ ᠤᠨ ᠣᠩᠭ᠋ᠤᠨ ᠰᠢᠳᠦᠭᠡᠨ ᠤ ᠣᠢ᠌ᠯᠠ ᠠᠵᠢᠯᠯᠠᠭ᠎ᠠ ᠡᠴᠡ ᠪᠠᠨ ᠨᠠᠭᠠᠳᠤᠮ ᠴᠤᠭᠯᠠᠭᠠᠨ ᠤ ᠵᠥᠭ᠌ ᠬᠠᠠᠳᠤᠵᠤ ᠪᠠᠢ᠌ᠭ᠎ᠠ ᠮᠠᠳᠤ ᠪᠣᠯᠤᠭᠰᠠᠨ ᠪᠠᠢ᠌ᠨ᠎ᠠ᠃

ᠭᠡᠳᠡᠯ᠎ᠡ ᠨᠠᠳᠠᠳᠤ ᠠᠪᠴᠤ ᠭᠡᠯᠡᠪᠠᠯ ᠠᠳᠠᠯᠢ ᠦᠭᠡᠶ ᠪᠠᠢ᠌ᠯ᠎ᠠ᠂ ᠬᠤᠷᠸ᠎ᠠ ᠳᠡᠭᠡᠷ᠎ᠡ ᠬᠠᠮᠤᠭ ᠡᠴᠡ ᠬᠠᠢ᠌ᠷᠠᠳᠠᠢ ᠭᠠᠭᠴᠠ ᠡᠵᠢ ᠶᠢᠨ ᠶᠢᠡᠨ ᠠᠯᠳᠠᠨ ᠪᠣᠩᠬᠤᠨ ᠳᠤ ᠠᠩᠬ᠎ᠠ ᠣᠳᠠᠭ᠎ᠠ ᠢᠷᠠᠵᠤ ᠪᠠᠢ᠌ᠭ᠎ᠠ ᠨᠠᠳᠠᠳᠤ ᠪᠣᠯ ᠣᠳᠠᠳᠠᠯ᠎ᠠ ᠠᠭᠤᠯᠵᠠᠭᠠᠳᠤᠢ ᠨᠤᠳᠤᠭ ᠤᠨ ᠭᠦᠮᠦᠰ ᠶᠢᠡᠨ ᠬᠠᠷᠠᠵᠤ ᠪᠠᠢ᠌ᠭᠰᠠᠨ ᠴᠤ ᠳᠡᠭᠡᠵᠤ ᠶᠠᠷᠢᠵᠤ ᠭᠦᠭᠡᠷᠭᠦ ᠰᠡᠳᠭᠢᠯ ᠪᠠᠢ᠌ᠭ᠎ᠠ ᠦᠭᠡᠶ᠂ ᠨᠢᠳᠤᠨ ᠤ ᠨᠢᠯᠪᠣᠰᠤ ᠭᠠᠷᠴᠤ ᠢᠷᠡᠭᠦ ᠭᠡᠳ ᠯᠠ ᠪᠠᠢ᠌ᠯ᠎ᠠ᠃ ᠠᠢ᠌ᠯ ᠤᠨ ᠠᠬᠠᠮᠠᠤᠨ ᠡᠴᠡ ᠵᠠ ᠲᠦᠯᠠᠰᠢ ᠦᠭ‍ᠭᠦᠶ᠎ᠡ ᠭᠡᠭᠦ ᠪᠠᠷ ᠴᠤᠭᠯᠠᠷᠠᠭᠰᠠᠤᠨ ᠠᠢ᠌ᠯ ᠠᠢ᠌ᠯ ᠤᠨ ᠠᠪᠴᠢᠷᠠᠭᠰᠠᠨ ᠢᠳᠡᠭᠡᠨ ᠣᠮᠳᠠᠭᠠᠨ ᠤ ᠳᠡᠭᠡᠵᠢ ᠵᠢᠴᠢ ᠰᠢᠳᠠᠭᠠᠬᠤ ᠴᠠᠭᠠᠰᠤᠨ ᠵᠤᠭᠤᠰ ᠶᠢᠡᠨ ᠳᠦᠷᠠᠯᠵᠠᠨ ᠰᠢᠳᠠᠵᠤ ᠪᠠᠢ᠌ᠭ᠎ᠠ ᠭᠠᠯ ᠳᠡᠭᠡᠷ᠎ᠡ ᠬᠣᠢ᠌ᠨ᠎ᠠ ᠬᠣᠢ᠌ᠨ᠎ᠠ ᠡᠴᠡ ᠪᠠᠨ ᠣᠪᠣᠭᠠᠯᠠᠵᠤ ᠪᠦᠭᠦᠳᠡᠭᠡᠷ ᠰᠥᠭᠦᠳᠴᠤ ᠮᠦᠷᠭᠦᠵᠡᠭᠡᠪᠡ᠃ ᠡᠢ᠌ᠮᠦᠷᠭᠦ ᠠᠵᠢᠯᠯᠠᠭ᠎ᠠ ᠨᠢ ᠮᠠᠰᠢ ᠳᠦᠷᠭᠡᠨ ᠶᠠᠪᠣᠭᠳᠠᠪᠠ ᠦᠦ᠂ ᠭᠠᠯ ᠠᠷᠠᠢ ᠣᠠᠳᠠᠷᠠᠭᠠᠳᠤᠢ ᠪᠠᠢ᠌ᠳᠠᠯ᠎ᠠ ᠳᠡᠭᠡᠷ᠎ᠡ ᠡᠴᠡ ᠨᠢ ᠴᠢᠭᠢᠭ᠌ ᠲᠡᠶ ᠰᠢᠷᠤᠢ ᠬᠠᠶᠠᠵᠤ ᠳᠠᠷᠤᠵᠤ ᠳᠠᠯᠪᠢᠪᠠ᠂ ᠳᠡᠭᠡᠭᠡᠳ ᠯᠠ ᠣᠪᠤᠨ ᠴᠤᠪᠤᠨ ᠮᠠᠰᠢᠨ ᠵᠥᠭ᠌ ᠶᠢᠡᠨ ᠭᠦᠳᠡᠯᠵᠡᠭᠡᠪᠡ᠃ ᠪᠢ ᠪᠠᠷᠤᠭ ᠰᠡᠭᠦᠯ ᠪᠣᠯᠵᠤ ᠵᠤᠭᠰᠤᠰᠭᠢᠭᠰᠠᠨ ᠴᠤ ᠶᠠᠭᠤ ᠴᠤ ᠭᠡᠰᠡᠨ ᠭᠢᠳᠡᠭ᠌ ᠵᠣᠢ᠌ᠯ ᠶᠢᠡᠨ ᠭᠢᠵᠤ ᠴᠢᠳᠠᠭ᠎ᠠ ᠦᠭᠡᠶ ᠭᠢᠶ᠎ᠠ ᠭᠡᠰᠡᠨ ᠵᠣᠢ᠌ᠯ ᠶᠢᠡᠨ ᠭᠢᠵᠤ ᠠᠮᠵᠢᠭ᠎ᠠ ᠦᠭᠡᠶ ᠯᠠ ᠰᠠᠨᠠᠭᠳᠠᠭᠠᠤᠨ ᠡᠨᠡ ᠭᠦᠮᠦᠰ ᠶᠠᠭᠠᠭᠢᠭᠰᠠᠨ ᠬᠤᠷᠳᠤᠨ ᠳᠠᠭᠤᠰᠬᠠᠪᠠ ︖ ᠶᠠᠭᠤᠨ ᠳᠠᠭᠠᠨ ᠢᠩᠭᠢᠵᠤ ᠶᠠᠭᠠᠷᠠᠵᠤ ᠪᠠᠢ᠌ᠨ᠎ᠠ ᠪᠢᠯᠠ ︖ ᠭᠡᠵᠤ ᠭᠠᠢ᠌ᠬᠠᠨ ᠮᠦᠨ ᠬᠠᠷᠠᠮᠰᠠᠪᠠ᠃ ᠭᠡᠰᠡᠨ ᠴᠤ ᠠᠷᠭ᠎ᠠ ᠪᠣᠰᠤ ᠡᠵᠢ ᠶᠢᠨ ᠶᠢᠡᠨ ᠪᠣᠩᠬᠤᠨ ᠵᠥᠭ᠌ ᠬᠠᠷᠠᠵᠤ ᠣᠰᠤᠯ ᠪᠣᠯᠬᠤ ᠴᠤ ᠰᠢᠭ ᠰᠠᠨᠠᠭᠳᠠᠭᠠᠤᠨ ᠠᠮᠠᠨ ᠳᠠᠭᠠᠨ ᠡᠵᠢ ᠮᠢᠨᠢ ᠡ ᠠᠭᠤᠴᠢᠯᠠᠭᠠᠷᠠᠢ᠂ ᠭᠡᠦᠭᠡᠨ ᠴᠢᠨᠢ ᠳᠠᠷᠠᠭ᠎ᠠ ᠬᠠᠩᠰᠢᠨ ᠳᠤ ᠡᠷᠭᠢᠵᠤ ᠢᠷᠠᠨ᠎ᠠ ᠭᠡᠳ ᠭᠦᠮᠦᠰ ᠤᠨ ᠠᠷᠤ ᠡᠴᠡ ᠶᠠᠪᠣᠪᠠ᠃

ᠣᠴᠢᠬᠤ ᠶᠢᠨ ᠦᠶ᠎ᠡ ᠶᠢ ᠪᠣᠳᠤᠪᠠᠯ ᠰᠡᠳᠭᠢᠯ ᠶᠠᠭᠤ ᠴᠤ ᠭᠡᠰᠡᠨ ᠭᠦᠩᠭᠡᠷᠡᠪᠡ ᠪᠣᠯᠤᠯᠳᠠᠢ᠂ ᠠᠢ᠌ᠯ ᠤᠨ ᠠᠬ᠎ᠠ ᠶᠢᠨ ᠳᠤ ᠣᠷᠤᠭᠠᠤᠨ ᠥᠭᠡᠷ᠎ᠡ ᠶᠠᠭᠤᠮ᠎ᠠ ᠶᠠᠷᠢᠵᠤ ᠭᠦᠦᠷᠨᠢᠭᠦ ᠲᠡᠶ ᠪᠣᠯᠪᠠ᠃

ᠡᠨᠡ ᠭᠦᠮᠤᠨ ᠤ ᠬᠤᠷᠸ᠎ᠠ ᠭᠡᠵᠤ ᠡᠢ᠌ᠮᠤ ᠯᠠ ᠪᠠᠢ᠌ᠵᠤ ᠳ᠋ᠠ᠂ ᠡᠨᠡᠷᠢᠯ ᠬᠠᠢ᠌ᠷ᠎ᠠ ᠳᠦᠭᠦᠷᠡᠩ ᠪᠠᠢ᠌ᠳᠠᠯ᠎ᠠ ᠭᠠᠰᠢᠭᠤᠳᠠᠯ ᠵᠤᠪᠠᠯᠠᠩ ᠳᠠᠰᠤᠷᠠᠰᠢ ᠦᠭᠡᠶ ᠶ‍ᠢᠷᠳᠢᠠᠴᠤ ᠴᠤ ᠳ᠋ᠠ᠃


ᠵᠤᠬᠢᠶᠠᠭᠴᠢ ᠶᠢᠨ ᠬᠠ‍‌ᠶᠢᠭ ᠄ ᠳᠤᠮᠳᠠᠳᠤ ᠣᠯᠤᠰ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠦᠨᠳᠦᠰᠦᠳᠠᠨ ᠰᠤᠳᠤᠯᠬᠤ ᠭᠠᠵᠠᠷ

ᠵᠤᠬᠢᠶᠠᠭᠴᠢ᠄ ᠭ·ᠤᠶᠤᠨᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6166
ᠴᠠᠭ᠄ 2011 ᠤᠨ ᠤ 11 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ