☆ ᠰᠠᠢ᠌ᠨ᠎ᠠ
ᠠᠳᠤᠭᠤᠨ ᠰᠠᠯᠭᠢ
ᠠᠭᠳᠠ ᠶᠢᠨ ᠳᠤᠭᠤᠷᠠᠢ ᠪᠠᠷ
ᠣᠯᠠᠷᠢᠯ ᠭᠦᠪᠦᠷᠢᠳᠤᠨ ᠠᠭᠤᠯᠠ ᠪᠣᠰᠬᠠᠵᠤ
ᠳᠠᠯ᠎ᠠ ᠪᠠᠨ ᠳᠡᠯᠭᠡᠨ ᠳᠢᠪ ᠵᠣᠢ᠌ᠵᠤ
ᠢᠷᠠᠭᠤ ᠨᠠᠢ᠌ᠷᠠᠭ
ᠳᠤᠯᠠᠭ᠎ᠠ ᠭᠦᠭ᠍ᠵᠢᠭᠡᠨ ᠡᠭᠡᠰᠢᠭ᠌ ᠳᠠᠯᠠᠯᠠᠵᠤ ᠠᠢ᠌ᠰᠤᠢ᠃
ᠨᠢᠭᠡ
ᠳᠤᠮᠤᠭ ᠤᠨ ᠰᠠᠯᠭᠢᠨ ᠶᠢᠡᠷ ᠭᠡᠢ᠌ᠰᠴᠤ
ᠳᠤᠷᠠᠳᠬᠠᠯ ᠤᠨ ᠪᠠᠭᠠᠳᠤᠳ ᠤᠨ ᠡᠮᠡᠭᠡᠯ ᠳᠡᠭᠡᠭᠦᠷ
ᠳᠡᠭ᠍ᠷᠢ ᠬᠠᠭᠵᠠᠷᠳᠠᠯᠠ ᠣᠳᠤ ᠦᠷᠭᠦᠭᠡᠵᠤ
ᠦᠷᠤᠨᠠᠰᠢᠯᠠᠵᠤ
ᠡᠪᠦᠯ ᠢ ᠱᠤᠭᠰᠢᠭᠤᠯᠵᠤ
ᠦᠯᠮᠡᠢ ᠳᠡᠭᠡᠷ᠎ᠡ ᠪᠠᠨ ᠴᠠᠰᠤ ᠮᠡᠭ᠍ᠰᠢᠭᠦᠯᠵᠤ
ᠦᠷᠯᠦᠭ᠌ ᠨᠠᠷᠠ ᠪᠠᠷ ᠦᠷᠳᠡᠭᠡ ᠵᠢᠭᠠᠯᠭᠠᠵᠤ
ᠴᠢᠰᠤᠨ ᠳᠤᠮᠳᠠ ᠪᠠᠨ ᠳᠤᠭ ᠪᠣᠰᠬᠠᠵᠤ
ᠡᠭᠡ ᠭᠠᠵᠠᠷ ᠤᠨ ᠬᠤᠷᠮᠤᠢ ᠳᠠᠭᠠᠵᠤ ᠯᠤᠭᠰᠢᠬᠤ ᠳᠤ
ᠠᠭᠤᠯᠠᠰ ᠴᠢᠨᠤᠷᠠᠵᠤ ᠭᠦᠷᠡᠩᠳᠡᠭ᠍ᠰᠡᠨ ᠭᠡᠨ᠎ᠡ᠃
ᠭᠦᠯᠦᠭ᠌ ᠤᠨ ᠭᠢᠨᠢ ᠦᠣᠷᠰᠡᠯᠭᠡᠨ ᠳᠤ
ᠭᠦᠭᠡᠮᠡᠢ ᠨᠡᠢ᠌ᠯᠡᠭᠦᠯᠤᠨ
ᠭᠦᠭᠡ ᠨᠤᠭᠤᠭ᠎ᠠ ᠦᠨᠳᠠᠯᠵᠠᠨ
ᠭᠦᠡᠳᠤ ᠰᠠᠯᠠᠮ᠎ᠠ ᠬᠤᠢ ᠳᠠᠭᠠᠨ ᠣᠭᠰᠢᠨ
ᠭᠦᠷᠦᠭ᠍ᠰᠡᠨ ᠭᠠᠵᠠᠷ ᠪᠢᠰᠢᠷᠡᠳᠦᠭᠡᠢ᠂ ᠠᠶᠤᠳᠤᠭᠠᠢ ᠬᠠᠠᠭᠢᠨᠠᠨᠠ᠃
ᠭᠦᠮᠦᠰ ᠨᠢ
ᠭᠦᠡᠳᠡᠢ ᠪᠣᠰᠤᠭᠰᠠᠨ ᠰᠠᠯᠭᠢ ᠡᠴᠡ
ᠭᠦᠯᠦᠭ᠌ ᠤᠨ ᠶᠢᠡᠨ ᠳᠠᠯ ᠰᠢᠭ᠌ ᠰᠦᠷ ᠪᠣᠰᠬᠠᠵᠤ
ᠭᠦᠯᠦᠰᠤ ᠲᠡᠶ ᠢᠷᠡᠭ᠍ᠰᠡᠨ ᠭᠠᠯᠠᠭᠤᠳ ᠡᠴᠡ
ᠭᠦᠷᠭᠦ ᠭᠠᠵᠠᠷ ᠤᠨ ᠪᠠᠷᠭᠡ ᠪᠠᠰᠤᠵᠤ
ᠭᠦᠮᠤᠨ ᠤ ᠨᠤᠳᠤᠭ ᠲᠤ
ᠭᠦᠭᠡ ᠳᠤᠭ ᠶᠢᠡᠨ ᠨᠡᠭᠦᠳᠡᠯ ᠶᠢᠡᠷ ᠨᠠᠮᠢᠷᠠᠭᠤᠯᠵᠤ ᠁
ᠬᠤᠶᠠᠷ
ᠮᠤᠷᠢᠨ ᠨᠢᠷᠤᠭᠤᠨ ᠳᠡᠭᠡᠷ᠎ᠡ
ᠠᠮᠢᠰᠬᠤᠭ᠎ᠠ ᠰᠣᠢ᠌ᠵᠤ
ᠠᠮᠢᠳᠤᠷᠠᠯ ᠰᠣᠢ᠌ᠵᠤ ᠪᠣᠰᠤᠭᠰᠠᠨ
ᠠᠷᠤ ᠭᠠᠵᠠᠷ ᠤᠨ
ᠠᠭᠰᠤᠮ ᠴᠠᠭᠠᠨ ᠰᠢᠭᠤᠷᠭ᠎ᠠ
ᠳᠤᠭᠰᠢᠨ ᠬᠠᠷ᠎ᠠ ᠰᠦᠯᠳᠡ ᠮᠢᠨᠢ
ᠨᠠᠮᠢᠷᠠᠵᠤ
ᠰᠠᠯᠪᠠᠷᠠᠵᠤ ᠁
ᠮᠤᠯᠳᠤᠰᠢ ᠬᠠᠭᠠᠯᠠᠭ᠎ᠠ ᠪᠠᠷ
ᠳᠡᠦᠭᠡᠨ ᠡᠴᠡ ᠳᠤᠳᠠᠭᠠᠬᠤ ᠳᠤ
ᠡᠮᠡᠭᠡᠯ ᠤᠨ ᠭᠢᠨᠢ ᠪᠦᠭᠦᠷᠭᠡᠨ ᠳᠤ
ᠵᠠᠭᠤᠨ ᠵᠢᠯ ᠬᠠᠪᠣᠩᠨᠠᠨ ᠳᠡᠭᠦᠵᠢᠯᠡᠭ᠍ᠳᠡᠵᠤ ᠪᠠᠢ᠌ᠯ᠎ᠠ᠃
ᠬᠤᠶᠠᠷ ᠴᠢᠭᠤᠯᠭᠠᠨ ᠤ ᠬᠤᠨᠤᠭ ᠤᠳ ᠲᠤ
ᠬᠤᠭᠤᠰᠤᠨ ᠨᠢᠭᠦᠯᠡᠰᠭᠦᠢ ᠶᠢᠨ ᠣᠰᠤᠨ ᠲᠤᠷ ᠴᠢᠭᠢᠭ᠍ᠳᠦᠵᠤ
ᠬᠤᠷᠴᠠ ᠵᠡᠪᠰᠡᠭ᠌
ᠬᠤᠷᠳᠤᠨ ᠳᠤᠭᠤᠷᠠᠢ ᠪᠠᠨ ᠵᠢᠪᠠᠷᠡᠭᠦᠯᠵᠤ ᠁
ᠬᠠᠮᠢᠭ᠎ᠠ ᠬᠤᠯᠠ ᠶᠢᠨ ᠣᠳᠤᠨ
ᠬᠠᠶᠠᠭ᠎ᠠ ᠱᠦᠷᠭᠦᠭᠡᠵᠤ ᠣᠨᠠᠬᠤ ᠪᠠᠷ
ᠡᠵᠢ ᠶᠢᠨ ᠭᠦᠭᠡᠷᠦᠭᠦᠢ ᠭᠡᠭᠦ ᠳᠤᠭᠤᠯᠳᠠᠨ᠎ᠠ᠃
ᠠᠯᠢ ᠭᠡᠭᠡᠷ᠎ᠡ ᠶᠠᠪᠣᠵᠤ ᠪᠠᠢ᠌ᠭᠠᠤᠨ
ᠠᠯᠪᠢᠨ ᠭᠠᠯ ᠵᠤᠯᠭᠠᠯ᠎ᠠ
ᠡᠪᠦᠭᠡ ᠳᠡᠭᠡᠳᠦᠰ ᠤᠨ ᠮᠢᠨᠢ ᠭᠦᠭᠡ ᠰᠦᠨᠠᠰᠤ
ᠥᠡᠳᠦᠷᠯᠢᠭ᠌ ᠲᠡᠭᠡᠨ ᠭᠤᠨᠢᠵᠤ
ᠦᠪᠡᠷ ᠤᠨ ᠬᠣᠢ᠌ᠴᠢᠰ ᠲᠠᠭᠠᠨ ᠭᠤᠮᠤᠳᠠᠵᠤ
ᠥᠩᠭᠡᠷᠡᠵᠤ ᠣᠳᠤᠭᠰᠠᠨ ᠣᠨ ᠨᠤᠭᠤᠳ ᠲᠤ
ᠦᠪ ᠰᠠᠨᠠᠵᠤ ᠁
ᠲ᠋ᠡᠦᠭᠡ
ᠳᠠᠪᠳᠠᠵᠤ
ᠦᠯᠦ ᠳᠠᠪᠳᠠᠵᠤ
ᠦᠷᠭᠦᠯᠵᠢᠯᠡᠨ᠎ᠡ
ᠠᠳᠤᠭᠤᠨ ᠳᠠᠭᠠᠨ ᠭᠠᠷᠤᠯ᠎ᠠ
ᠠᠳᠤᠭᠤᠨ ᠰᠠᠯᠭᠢ ᠥᠭᠡᠳᠡ ᠡᠴᠡ
ᠠᠵᠠ ᠭᠡᠢ᠌ᠮᠦᠷᠢ ᠲᠡᠶ ᠶᠠᠪᠣᠭᠠᠷᠠᠢ ᠭᠡᠵᠤ ᠰᠠᠩᠭᠢᠨᠠᠨ᠎ᠠ
ᠡᠨ ᠳᠡᠭᠡ ᠡ ᠭᠡᠵᠤ ᠭᠡᠯᠡᠵᠤ ᠭᠠᠷᠤᠭᠰᠠᠨ ᠦᠭᠡᠶ ᠬᠤᠭᠤᠯᠠᠢ ᠴᠠᠴᠠᠷᠠᠨ᠎ᠠ᠃
ᠵᠤᠬᠢᠶᠠᠭᠴᠢ ᠶᠢᠨ ᠬᠠᠶᠢᠭ ᠄ ᠮᠠᠠᠵᠤᠤᠷ ᠬᠤᠳᠠ ᠶᠢᠨ ᠭᠠᠳᠠᠭᠠᠳᠤ ᠶᠠᠪᠣᠳᠠᠯ ᠤᠨ ᠭᠠᠵᠠᠷ
ᠵᠤᠬᠢᠶᠠᠭᠴᠢ᠄ ᠰᠠᠢ᠌ᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2649
ᠴᠠᠭ᠄ 2011 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ