☆ ᠳᠤᠷᠤᠨᠠᠴᠤᠤᠷᠢᠶᠠ
ᠱᠤᠩᠬᠤᠷ ᠤᠨ ᠠᠭᠤᠯᠠ
ᠠᠭᠤᠤ ᠴᠢᠩᠭᠢᠰ ᠬᠠᠪᠣᠳᠤ ᠬᠠᠰᠠᠷ ᠤᠨ ᠨᠢᠭᠤᠴᠠ ᠪᠢᠯᠢᠭ᠌ ᠣᠷᠤᠰᠢᠭᠰᠠᠨ
ᠠᠷᠢᠭᠤᠨ ᠮᠤᠩᠭ᠋ᠤᠯ ᠣᠭᠰᠠᠭᠠᠨ ᠤ ᠰᠥᠵᠢᠭ᠌ ᠤᠨ ᠠᠯᠳᠠᠨ ᠰᠦᠮᠪᠦᠷ
ᠠᠷᠠᠤᠨ ᠬᠤᠷᠴᠢᠨ ᠤ ᠵᠢᠷᠦᠭᠡᠨ ᠤ ᠴᠠᠪᠠᠷ ᠰᠥᠵᠢᠭ᠌ ᠶᠢᠡᠷ ᠰᠥᠮᠪᠦᠷᠯᠡᠭ᠍ᠰᠡᠨ
ᠠᠯᠳᠠᠨ ᠳᠡᠯᠡᠭᠡᠢ ᠶᠢᠨ ᠪᠣᠰᠤᠭ᠎ᠠ ᠣᠬᠠᠭᠠᠨ ᠤ ᠳᠡᠭ᠍ᠷᠢᠯᠢᠭ᠌ ᠰᠦᠯᠳᠡ
ᠭᠦᠮᠤᠨ ᠪᠠᠢ᠌ᠭᠠᠯᠢ ᠶᠢᠨ ᠲᠦᠮᠡᠨ ᠣᠨ ᠤ ᠳᠡᠦᠭᠡ ᠶᠢ ᠬᠠᠳᠠᠭᠠᠯᠠᠭᠰᠠᠨ
ᠭᠦᠭᠡ ᠮᠤᠩᠭ᠋ᠤᠯ ᠤᠨ ᠨᠠᠷᠠ ᠰᠠᠷᠠᠨ ᠤ ᠢᠯᠠ ᠴᠢᠯᠠᠭᠤᠨ ᠪᠢᠴᠢᠭ᠌
ᠭᠦᠷᠦᠰᠦᠳᠤ ᠳᠡᠯᠡᠭᠡᠢ ᠶᠢ ᠭᠦᠯᠦᠭ᠌ ᠤᠨ ᠳᠤᠭᠤᠷᠠᠢ ᠪᠠᠷ ᠳᠤᠷᠭᠢᠭᠤᠯᠤᠭᠰᠠᠨ
ᠭᠦᠴᠦᠷᠭᠡᠭ᠌ ᠶᠡᠭᠡ ᠮᠤᠩᠭ᠋ᠤᠯ ᠴᠢᠰᠤᠳᠠᠨ ᠤ ᠨᠢᠭᠤᠴᠠ ᠠᠯᠳᠠᠨ ᠰᠤᠳᠤᠷ
ᠦᠨᠳᠦᠷ ᠲᠤ ᠵᠤᠭᠰᠤᠵᠤ ᠬᠤᠯᠠ ᠬᠠᠷᠠᠳᠠᠭ ᠮᠤᠩᠭ᠋ᠤᠯᠴᠤᠳ ᠤᠨ
ᠥᠭ᠍ᠰᠦᠵᠤ ᠥᠭᠡᠳᠡ ᠠᠪᠠᠷᠢᠬᠤ ᠵᠤᠷᠢᠭ ᠤᠨ ᠦᠨᠳᠦᠷ ᠣᠷᠭᠢᠯ
ᠦᠨᠢᠳᠠ ᠴᠤᠴᠠᠷᠠᠰᠢ ᠦᠭᠡᠶ ᠪᠠᠭᠠᠳᠤᠷᠯᠢᠭ ᠬᠤᠷᠴᠢᠠᠴᠤᠳ ᠤᠨ
ᠦᠯᠢᠭᠡᠷᠯᠡᠵᠤ ᠣᠳᠤᠮᠯᠠᠬᠤ ᠣᠶᠤᠨ ᠤ ᠪᠣᠶᠠᠨ ᠰᠤᠪᠢᠩᠳᠤ ᠬᠠᠢ᠌ᠷᠬᠠᠨ
ᠬᠤᠷᠸ᠎ᠠ ᠳᠤ ᠮᠤᠩᠭ᠋ᠤᠯ ᠲᠡᠶ ᠪᠠᠨ ᠬᠠᠮᠳᠤ ᠠᠯᠳᠠᠷᠰᠢᠬᠤ
ᠬᠤᠤᠰ ᠦᠭᠡᠶ ᠭᠠᠢ᠌ᠬᠠᠮᠰᠢᠭᠳᠤ ᠳᠠᠷᠬᠠᠨ ᠣᠪᠣᠭ᠎ᠠ
ᠬᠤᠪᠣᠷᠬᠠᠨ ᠦᠵᠡᠮᠵᠢ ᠰᠤᠨᠢᠬᠠᠨ ᠳᠤᠮᠤᠭ ᠲᠡᠶ ᠵᠢᠷᠭᠠᠬᠤ
ᠬᠤᠪᠢ ᠶᠢᠨ ᠭᠠᠳᠠᠨ᠎ᠠ ᠭᠤᠶᠤᠬᠠᠨ ᠮᠢᠨᠤ ᠨᠤᠳᠤᠭ ᠤᠨ ᠱᠤᠩᠬᠤᠷ ᠤᠨ ᠠᠭᠤᠯᠠ
ᠵᠤᠬᠢᠶᠠᠭᠴᠢ ᠶᠢᠨ ᠬᠠᠶᠢᠭ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ ᠠᠭᠤᠯᠠ ᠪᠠᠯᠭᠠᠰᠤ ᠵᠡᠭᠦᠨ ᠳᠤᠤᠷᠠᠰᠤ ᠭᠠᠴᠠᠭ᠎ᠠ
ᠵᠤᠬᠢᠶᠠᠭᠴᠢ᠄ ᠳᠤᠷᠤᠨᠠᠴᠤᠤᠷᠢᠶᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11261
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ