☆ ᠶᠢᠨ ᠯᠦᠩ
ᠰᠠᠢ᠌ᠪᠣᠷ ᠤᠨ ᠣᠰᠤᠨ
ᠰᠠᠮ ᠰᠠᠭᠤᠬᠤ ᠳᠤ
ᠰᠡᠳᠭᠢᠯ ᠭᠤᠠᠳᠠᠨᠠ
ᠰᠡᠳᠭᠢᠯ ᠤᠨ ᠰᠡᠮᠡᠷᠭᠡᠢ ᠪᠠᠷ
ᠮᠦᠷᠦᠭᠡᠳᠦᠯ ᠴᠦᠷᠭᠦᠯᠡᠨᠡ ᠁᠁
ᠬᠠᠢ᠌ᠷ᠎ᠠ ᠶᠢᠨ ᠴᠤ ᠶᠤᠮ ᠦᠦ ︖
ᠨᠠᠢ᠌ᠷᠠᠭ ᠰᠠᠨᠠᠭᠳᠠᠨ᠎ᠠ
ᠬᠠᠭᠢᠶᠠᠳᠤᠨ ᠠᠷᠯᠠᠭᠰᠠᠨ
ᠰᠠᠢ᠌ᠪᠣᠷ ᠲᠤ ᠠᠭᠤᠰᠦᠨᠡ ᠁᠁
ᠡᠷᠭᠡ ᠮᠤᠩᠭ᠋ᠤᠯ ᠣᠷᠤᠨ ᠤ ᠪᠠᠨ
ᠡᠩᠭᠡᠷ ᠤᠨ ᠣᠭᠠᠯᠵᠠ ᠭᠡᠮᠡᠷᠭᠡᠨ
ᠨᠠᠪᠴᠢ ᠭᠦᠭᠡᠷᠡᠭ᠍ᠰᠡᠨ ᠪᠠᠢ᠌ᠭᠠᠯᠢ ᠪᠦᠪᠠᠢ᠌ᠯᠠᠵᠤ
ᠨᠠᠷᠠ ᠰᠠᠭᠠᠳᠠᠭᠰᠠᠨ ᠳᠡᠯᠡᠭᠡᠢ ᠠᠷᠭᠠᠳᠠᠭᠰᠠᠨ
ᠡᠩᠭᠦᠷᠡᠢ ᠢᠯᠳᠠᠮ ᠴᠡᠴᠡᠭ᠌ ᠤᠨ ᠡᠷᠢᠭᠡ
ᠡᠷᠭᠡᠯᠡᠨ ᠵᠢᠷᠭᠠᠬᠤ ᠪᠦᠰᠡᠭᠦᠢ ᠠᠭᠠᠰᠢ
ᠰᠠᠢ᠌ᠷ ᠪᠣᠳᠠᠷ ᠤᠨ ᠭᠦᠢᠳᠡᠨ ᠪᠣᠯᠠᠭ
ᠰᠠᠢ᠌ᠪᠣᠷ ᠤᠨ ᠰᠠᠢ᠌ᠬᠠᠨ ᠣᠰᠤᠨ ᠮᠢᠨᠤ ︕
ᠰᠦ᠋ ᠪᠠᠷ ᠢᠪᠢᠯᠳᠡᠭ᠌ ᠷᠠᠰᠢᠶᠠᠨ ᠣᠰᠤ ᠨᠢ
ᠬᠤᠭᠤᠯᠠᠢ ᠶᠢ ᠮᠢᠨᠢ ᠠᠷᠭᠠᠵᠤ
ᠰᠦᠨᠢᠵᠢᠨ ᠬᠤᠨᠤᠭᠯᠠᠳᠠᠭ ᠰᠠᠷᠠᠨ ᠤ ᠳᠤᠶᠠᠭ᠎ᠠ ᠨᠢ
ᠰᠡᠳᠭᠢᠯ ᠢ ᠮᠢᠨᠢ ᠠᠷᠭᠠᠳᠠᠵᠤ
ᠨᠠᠷᠠᠨ ᠰᠠᠯᠭᠢᠨ ᠤ ᠢᠯᠪᠢᠯᠳᠠ ᠳᠤ
ᠠᠷᠯᠠᠨ ᠮᠢᠰᠢᠶᠡᠭ᠍ᠰᠡᠨ
ᠰᠠᠢ᠌ᠷ ᠪᠣᠳᠠᠷ ᠤᠨ ᠭᠦᠢᠳᠡᠨ ᠪᠣᠯᠠᠭ
ᠰᠠᠢ᠌ᠪᠣᠷ ᠤᠨ ᠰᠠᠢ᠌ᠬᠠᠨ ᠣᠰᠤᠨ ᠮᠢᠨᠤ ︕
ᠰᠠᠨᠠᠶ᠎ᠠ ᠰᠠᠨᠠᠶ᠎ᠠ ᠭᠡᠭᠦᠯᠡᠷ
ᠨᠤᠳᠤᠭ ᠡᠴᠡ ᠵᠠᠢ᠌ᠳᠠᠭᠤ
ᠮᠠᠷᠳᠠᠶ᠎ᠠ ᠮᠠᠷᠳᠠᠶ᠎ᠠ ᠭᠡᠭᠦᠯᠡᠷ
ᠰᠡᠳᠭᠢᠯ ᠡᠴᠡ ᠤᠢ᠌ᠷᠬᠠᠨ
ᠨᠠᠷᠠᠨ ᠤ ᠪᠣᠷᠤᠬᠠᠨ ᠠᠮᠢᠳᠤᠷᠠᠯ ᠤᠨ ᠮᠢᠨᠢ
ᠠᠮᠢᠨ ᠣᠰᠤᠨ
ᠨᠠᠢ᠌ᠷᠠᠭ ᠤᠨ ᠣᠷᠳᠤ ᠠᠶᠠᠨ ᠤ ᠮᠢᠨᠢ
ᠠᠮᠢᠵᠢᠷᠠᠯ ᠤᠨ ᠪᠣᠯᠠᠭ
ᠰᠠᠢ᠌ᠷ ᠪᠣᠳᠠᠷ ᠤᠨ ᠭᠦᠢᠳᠡᠨ ᠪᠣᠯᠠᠭ
ᠰᠠᠢ᠌ᠪᠣᠷ ᠤᠨ ᠰᠠᠢ᠌ᠬᠠᠨ ᠣᠰᠤᠨ ᠮᠢᠨᠤ ︕
᠁᠁
ᠴᠠᠭ ᠤᠨ ᠰᠢᠪᠠᠭᠤ
ᠴᠠᠭ ᠲᠠᠭᠠᠨ ᠡᠷᠭᠢᠳᠡᠭ᠌ ᠭᠡᠨᠡᠮ
ᠴᠢᠮ᠎ᠠ ᠳᠡᠭᠡᠷ᠎ᠡ ᠪᠠᠨ ᠪᠢ
ᠭᠡᠵᠢᠶ᠎ᠡ ᠯᠠ ᠭᠦᠷᠳᠡᠭ᠌ ᠪᠣᠯ ᠡ ︖
2011.3.21
ᠵᠤᠬᠢᠶᠠᠭᠴᠢ ᠶᠢᠨ ᠬᠠᠶᠢᠭ ᠄ ᠵᠠᠷᠤᠳ ᠭᠠᠬᠠᠢ᠌ᠳᠤ ᠰᠤᠷᠭᠠᠭᠤᠯᠢ
ᠵᠤᠬᠢᠶᠠᠭᠴᠢ᠄ ᠶᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2691
ᠴᠠᠭ᠄ 2011 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ