ᠨᠡᠪᠲᠡᠷᠡᠨ ᠤᠷᠤᠬᠤ
ᠬᠠᠢ᠌ᠷ᠎ᠠ ᠶᠢᠨ ᠭᠠᠰᠢᠭᠤᠨ ᠳᠠᠷᠠᠰᠤ

ᠵᠢᠷᠤᠭ ᠰᠢᠭ ᠪᠦᠰᠡᠭᠦᠢ ᠴᠢᠮ᠎ᠠ ᠪᠠᠨ ᠪᠣᠳᠤᠬᠤᠯᠠᠷ

ᠵᠢᠷᠦᠭᠡ ᠰᠡᠳᠭᠢᠯ ᠤᠨ ᠳᠤᠭᠳᠤᠯᠠᠯ ᠪᠣᠯᠬᠤ ᠶᠤᠮ

ᠵᠢᠷᠤᠭᠰᠠᠨ ᠵᠢᠷᠤᠭ ᠶᠢᠡᠨ ᠰᠢᠷᠳᠡᠭᠦ ᠪᠦᠷᠢ

ᠵᠢᠷᠦᠭᠡᠨ ᠡᠴᠡ ᠬᠠᠷᠠᠰᠠᠯ ᠤᠨ ᠨᠢᠯᠪᠣᠰᠤ ᠳᠤᠰᠤᠯᠤᠨ᠎ᠠ


ᠡᠯᠢᠭᠡᠨ ᠡᠴᠡ ᠰᠤᠶᠤᠭᠠᠷᠬᠠᠰᠠᠨ ᠬᠠᠢ᠌ᠷ᠎ᠠ ᠶᠤᠮ ᠴᠢᠨᠢ

ᠡᠪᠠᠳᠭᠦ ᠦᠭᠡᠶ ᠪᠠᠢ᠌ᠬᠤ ᠶᠢᠨ ᠶᠤᠰᠤ ᠠᠯᠠᠭ᠎ᠠ

ᠡᠩᠭᠦᠷᠡᠢ ᠴᠢᠮ᠎ᠠ ᠪᠠᠨ ᠬᠠᠢ᠌ᠷᠠᠯᠠᠶ᠎ᠠ ᠭᠡᠭᠦ ᠳᠤ

ᠡᠯᠳᠡᠪ ᠤᠨ ᠬᠠᠷᠰᠢ ᠰᠡᠳᠭᠢᠯ ᠢ ᠮᠢᠨᠢ ᠳᠤᠭᠰᠢᠷᠠᠭᠤᠯᠤᠨ᠎ᠠ


ᠡᠭᠦᠯᠡᠨ ᠴᠢᠯᠦᠭᠡᠨ ᠤ ᠨᠠᠷᠠ ᠡᠷᠭᠢᠭᠦ ᠯᠠ ᠶᠤᠰᠤᠳᠠᠢ

ᠡᠭᠡᠨᠡᠭ᠍ᠰᠢᠭᠦ ᠰᠡᠳᠭᠢᠯ ᠤᠨ ᠴᠢ ᠮᠢᠨᠢ ᠪᠣᠴᠠᠬᠤ ᠯᠠ ᠶᠤᠰᠤᠳᠠᠢ ᠦᠦ ︖

ᠡᠳᠦᠷ ᠬᠤᠨᠤᠭ ᠢ ᠳᠤᠭ᠎ᠠ ᠪᠠᠷ ᠪᠢᠰᠢ ᠵᠢᠷᠦᠭᠡ ᠪᠠᠷ ᠶᠢᠡᠨ ᠭᠢᠯᠠᠢ᠌ᠯᠭᠠᠬᠤ ᠳᠤ

ᠡᠯᠳᠡᠪ ᠤᠨ ᠣᠴᠢᠷ ᠴᠢ ᠪᠢᠳᠠᠨ ᠢ ᠳᠤᠱᠠᠨ᠎ᠠ


ᠬᠠᠢ᠌ᠷ᠎ᠠ ᠶᠢᠨ ᠭᠡᠭᠡᠨ ᠪᠣᠷᠤᠭ᠎ᠠ ᠣᠷᠤᠭᠰᠠᠭᠠᠷ ᠪᠠᠢ᠌ᠬᠤ ᠳᠤ

ᠬᠠᠢ᠌ᠷᠠᠳᠤ ᠴᠢ ᠮᠢᠨᠢ ᠬᠠᠯᠢᠭᠠᠤᠨ ᠶᠠᠪᠣᠬᠤ ᠰᠢᠭ ᠨᠢ ᠶᠠᠭᠤ ᠪᠣᠢ ︖

ᠬᠠᠷ᠎ᠠ ᠮᠥᠩᠭᠦ ᠪᠠᠷ ᠳᠤᠳᠠᠮᠠᠭ ᠤᠨ ᠣᠴᠢᠷ ᠡᠴᠡ

ᠬᠠᠯᠠᠭᠤᠨ ᠰᠡᠳᠭᠢᠯ ᠢ ᠮᠢᠨᠢ ᠢᠩᠭᠢᠵᠤ ᠪᠣᠯᠠᠰᠢᠯᠠᠬᠤ ᠦᠦ ︖


ᠠᠩᠬᠠᠨ ᠤ ᠬᠠᠢ᠌ᠷ᠎ᠠ ᠶᠢᠨ ᠰᠦᠨᠢ ᠪᠠᠨ ᠴᠢ ᠮᠢᠨᠢ ᠰᠠᠨᠠᠨ᠎ᠠ ᠦᠦ ︖

ᠡᠡᠯᠡᠮᠡᠭ᠌ ᠰᠠᠷᠠᠨ ᠤ ᠭᠡᠷᠡᠯ ᠰᠢᠭ᠌ ᠰᠢᠤ ᠳᠠᠷᠠ

ᠠᠢ︕ ᠭᠦᠭᠡᠷᠦᠭᠦᠢ ᠳᠠᠪᠢᠯᠠᠩ ᠶᠤᠮ ᠴᠢᠨᠢ ᠶᠠᠭᠠᠭᠢᠬᠤ ᠪᠣᠢ

ᠠᠷᠠᠭ᠎ᠠ ᠪᠡᠨ ᠬᠠᠪᠢᠷᠠᠭᠠᠤᠨ ᠮᠠᠯᠮᠠᠢ᠌ᠷᠠᠬᠤ ᠯᠠ ᠭᠡᠷᠡᠭ᠌


ᠬᠠᠷᠠᠩᠭ᠋ᠤᠢ ᠨᠡᠢ᠌ᠭᠡᠮ ᠤᠨ ᠳᠠᠷᠠ ᠴᠠᠭ ᠲᠤ ᠴᠤ ᠪᠣᠯᠤᠭᠠᠴᠢ ᠳ᠋ᠠ

ᠬᠠᠢ᠌ᠷᠠᠳᠤ ᠴᠢᠮ᠎ᠠ ᠪᠠᠨ ᠪᠣᠯᠢᠶᠠᠭᠠᠤᠨ ᠴᠤ ᠠᠪᠴᠢᠷᠠᠬᠤ ᠶᠤᠮ

ᠬᠠᠢ᠌ᠷᠠᠯᠠᠬᠤ ᠶᠢᠨ ᠵᠤᠪᠯᠠᠩ ᠢ ᠭᠡᠨ ᠮᠡᠳᠡᠭᠦ ᠠᠵᠠᠢ

ᠬᠠᠷ᠎ᠠ ᠣᠢ᠌ᠯᠠ ᠶᠢᠨ ᠳ᠋ᠸᠪᠠᠵᠠᠨ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠮᠤᠨ ᠤ ᠳᠠᠢ᠌ᠳᠠᠭ ᠭᠠᠴᠠᠭ᠎ᠠ

ᠵᠤᠬᠢᠶᠠᠭᠴᠢ᠄ ᠬᠠᠨᠠᠭᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2623
ᠴᠠᠭ᠄ 2011 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ