ᠨᠡᠪᠲᠡᠷᠡᠨ ᠤᠷᠤᠬᠤ
ᠬᠤᠷᠴᠢᠨ ᠤ ᠬᠠᠷᠢᠶᠠᠨ ᠳᠡᠬᠢ ᠭᠤᠷᠯᠤᠰ ᠠᠢ᠌ᠮᠠᠭ ᠤᠨ ᠲᠤᠬᠠᠢ

ᠬᠤᠷᠴᠢᠨ ᠭᠡᠮᠡᠭᠦ ᠨᠠᠷᠠᠢ᠌ᠳᠤᠯ ᠳᠤᠮᠤᠬᠠᠨ ᠲᠦᠮᠡᠨ ᠪᠣᠶᠤ ᠣᠯᠤᠰ ᠭᠡᠭᠦ ᠨᠡᠷᠡᠢ᠌ᠳᠦᠯᠭᠡ ᠪᠠᠷ ᠮᠤᠩᠭ᠋ᠤᠯ ᠤᠨ ᠥᠡᠳᠦᠷᠯᠢᠭ᠌ ᠲᠤ ᠮᠠᠠᠳᠤᠭᠰᠠᠨ ᠨᠢ᠂ 1189 ᠣᠨ ᠳᠤ ᠳᠠᠮᠤᠵᠢᠨ ᠬᠠᠮᠤᠭ ᠮᠤᠩᠭ᠋ᠤᠯ ᠤᠨ ᠬᠠᠨ ᠪᠣᠯᠵᠤ ᠠᠩᠬ᠎ᠠ ᠭᠡᠰᠢᠭ᠍ᠳᠡᠨ ᠴᠡᠷᠢᠭ᠌ ᠢ ᠪᠠᠢ᠌ᠭᠤᠯᠬᠤ ᠦᠶ᠎ᠡ ᠪᠠ 1206 ᠣᠨ ᠳᠤ ᠴᠢᠩᠭᠢᠰ ᠬᠠᠭᠠᠨ ᠶᠡᠭᠡ ᠮᠤᠩᠭ᠋ᠤᠯ ᠣᠯᠤᠰ ᠢ ᠪᠠᠢ᠌ᠭᠤᠯᠤᠭᠰᠠᠨ ᠤ ᠳᠠᠷᠠᠭ᠎ᠠ ᠪᠢᠰᠢ᠂ ᠬᠠᠷᠢᠨ 14 ᠳ᠋ᠦᠭᠡᠷ ᠵᠠᠭᠤᠨ ᠤ ᠡᠭᠢᠨ ᠤ ᠳᠤᠷᠤᠨ᠎ᠠ ᠮᠤᠩᠭ᠋ᠤᠯ ᠪᠠ ᠣᠢ᠌ᠷᠠᠤᠨ ᠤᠨ ᠬᠠᠭᠠᠴᠠᠯ ᠤᠨ ᠰᠠᠮᠠᠭᠤᠨ ᠳᠠᠢ᠌ᠨ ᠤ ᠳᠤᠮᠳᠠ ᠰᠠ‍‌ᠶᠢ ᠬᠠᠰᠠᠷ ᠤᠨ ᠦᠷᠡᠰ ᠤᠨ ᠨᠤᠶᠠᠯᠠᠯ ᠶᠢᠡᠷ ᠲᠦᠪ ᠪᠣᠯᠭᠠᠭᠰᠠᠨ ᠣᠷᠤᠨ ᠳᠤ ᠪᠣᠢ ᠪᠣᠯᠵᠤ ᠭᠦᠭ᠍ᠵᠢᠭ᠍ᠰᠡᠨ ᠶᠤᠮ᠃

《ᠬᠤᠷᠴᠢᠨ ᠲᠦᠮᠡᠨ》 ᠪᠣᠶᠤ 《ᠬᠤᠷᠴᠢᠨ ᠣᠯᠤᠰ》 ᠭᠡᠭᠦ ᠨᠡᠷᠡᠢ᠌ᠳᠦᠯᠭᠡ ᠶᠢᠨ ᠳᠤᠬᠠᠢ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠤᠷᠴᠠ ᠫᠷᠤᠹᠧᠰᠰᠤᠷ ᠡᠴᠡ《ᠬᠤᠷᠴᠢᠨ》 ᠨᠢ ᠬᠤᠷ ᠰᠠᠭᠠᠳᠠᠭ ᠠᠭᠰᠠᠳᠠᠭ ᠭᠡᠰᠢᠭ᠍ᠳᠡᠨ ᠴᠡᠷᠢᠭ᠌ ᠤᠨ ᠭᠡᠰᠡᠭ᠌ ᠭᠦᠮᠦᠰ ᠢ ᠬᠠᠰᠠᠷ ᠲᠤ ᠥᠪᠯᠡᠭᠦᠯᠦᠭ᠍ᠰᠡᠨ ᠡᠴᠡ 《ᠬᠤᠷᠴᠢᠨ ᠠᠢ᠌ᠮᠠᠭ》 ᠪᠦᠷᠢᠯᠳᠦᠭ᠍ᠰᠡᠨ ᠭᠡᠭᠦ ᠦᠵᠡᠯᠳᠠ ᠶᠢ ᠥᠭᠡᠢ᠌ᠰᠭᠡᠵᠤ᠂ ᠬᠠᠷᠢᠨ ᠳᠠᠷᠠ ᠨᠢ ᠬᠠᠰᠠᠷ ᠤᠨ ᠣᠯᠠᠨ ᠡᠴᠡ ᠭᠡᠳᠥᠢᠳᠦᠭ᠍ᠰᠡᠨ ᠰᠤᠷ ᠬᠠᠷᠪᠣᠯᠭ᠎ᠠ ᠲᠡᠶ ᠡᠴᠡ 《ᠬᠠᠪᠣᠳᠤ ᠬᠠᠰᠡᠷ》 ᠭᠡᠮᠡᠨ ᠨᠡᠷᠡᠢ᠌ᠳᠦᠭ᠍ᠳᠡᠵᠤ᠂ ᠰᠡᠭᠦᠯᠡᠷ ᠨᠢ ᠰᠤᠷ ᠬᠠᠷᠪᠣᠯᠭ᠎ᠠ ᠳᠠᠭᠠᠨ ᠠᠯᠳᠠᠷᠰᠢᠭᠰᠠᠨ ᠬᠠᠰᠠᠷ ᠪᠣᠶᠤ ᠳᠡᠭᠦᠨ ᠤ ᠭᠦᠪᠠᠭᠦᠨ ᠶ‍ᠢᠰᠦᠩᠭᠡ ᠶᠢ ᠳᠤᠷᠠᠤᠠᠬᠠᠬᠤ ᠪᠠᠷ᠂ ᠶᠤᠸᠠᠨ ᠣᠯᠤᠰ ᠨᠤᠷᠠᠵᠤ ᠮᠤᠩᠭ᠋ᠤᠯ ᠤᠨ ᠥᠡᠳᠦᠷᠯᠢᠭ᠌ ᠲᠤ ᠰᠢᠨ᠎ᠡ ᠣᠯᠤᠰ ᠲᠦᠷᠦ ᠶᠢᠨ ᠭᠦᠴᠤᠨ ᠤ ᠲᠦᠮᠡᠨ ᠪᠣᠶᠤ ᠣᠯᠤᠰ ᠪᠣᠢ ᠪᠣᠯᠵᠤ ᠪᠦᠷᠢᠯᠳᠦᠭᠦ ᠳᠤ᠂ ᠬᠤᠷᠴᠢᠨ ᠨᠤᠶᠠᠤᠨ ᠤᠨ ᠬᠠᠮᠳᠤ ᠶᠢᠨ ᠳᠡᠭᠡᠳᠦᠰ ᠪᠣᠯᠬᠤ ᠵᠦᠴᠢ ᠬᠠᠰᠠᠷ ᠤᠨ《ᠬᠤᠷᠴᠢᠨ》 ᠭᠡᠭᠦ ᠴᠤᠯᠠ ᠨᠢ ᠬᠠᠰᠠᠷ ᠤᠨ ᠬᠣᠢ᠌ᠴᠢᠰ ᠤᠨ ᠨᠤᠶᠠᠯᠠᠭᠰᠠᠨ ᠠᠢ᠌ᠮᠠᠭ ᠢᠷᠭᠡᠤᠨ ᠤᠨ ᠢᠷᠠᠭᠤ ᠠᠯᠳᠠᠷ ᠪᠠ ᠨᠡᠷᠡᠢ᠌ᠳᠦᠯᠭᠡ ᠪᠣᠯᠵᠤ ᠮᠤᠩᠭ᠋ᠤᠯᠴᠤᠳ ᠤᠨ ᠳᠤᠮᠳᠠ ᠠᠯᠳᠠᠷᠰᠢᠭᠰᠠᠨ ᠭᠡᠵᠤ ᠵᠦᠪ ᠣᠨᠤᠪᠴᠢᠳᠠᠢ ᠨᠤᠳᠠᠯᠠᠭᠰᠠᠨ ᠪᠠᠢ᠌ᠨ᠎ᠠ᠃

ᠭᠤᠷᠯᠤᠰ ᠠᠢ᠌ᠮᠠᠭ ᠪᠣᠯ ᠮᠤᠩᠭ᠋ᠤᠯ ᠤᠨ ᠡᠷᠳᠡᠨ ᠤ ᠳᠡᠷᠡᠯᠠᠭᠢᠨ ᠮᠤᠩᠭ᠋ᠤᠯ ᠳᠤ ᠪᠠᠭᠳᠠᠬᠤ ᠦᠨᠢ ᠣᠳᠠᠭᠠᠨ ᠳᠡᠦᠭᠡ ᠲᠡᠶ ᠠᠢ᠌ᠮᠠᠭ ᠪᠣᠯᠤᠨ᠎ᠠ᠃ ᠳᠠᠷᠠ ᠨᠢ ᠬᠤᠩᠭᠢᠷᠠᠤᠨ᠂ ᠢᠭᠢᠷᠢᠰ᠂ ᠡᠯᠵᠢᠭᠡᠨ᠂ ᠣᠯᠬᠤᠨᠤᠳ ᠲᠡᠶ ᠣᠭᠰᠠᠭ᠎ᠠ ᠨᠢᠭᠡᠳᠡᠢ ᠪᠠᠢ᠌ᠵᠤ᠂ ᠮᠤᠩᠭ᠋ᠤᠯ ᠤᠨ ᠳᠡᠦᠭᠡᠨ ᠳᠤ ᠴᠢᠬᠤᠯᠠ ᠨᠥᠯᠦᠭᠡ ᠳᠤᠰᠬᠠᠯ ᠲᠡᠶ ᠠᠢ᠌ᠮᠠᠭ ᠪᠦᠯᠦᠭ᠌ ᠤᠨ ᠬᠤᠪᠢ ᠳᠤᠳᠤᠷᠠᠵᠤ ᠪᠠᠢ᠌ᠭᠰᠠᠨ ᠶᠤᠮ᠃ ᠳᠤᠤᠷ᠎ᠠ ᠪᠢ ᠭᠤᠤᠯᠳᠠᠭᠤ ᠬᠠᠰᠠᠷ ᠪᠣᠶᠤ ᠳᠡᠭᠦᠨ ᠤ ᠬᠣᠢ᠌ᠴᠢᠰ ᠤᠨ ᠠᠳᠠᠯᠢ ᠪᠣᠰᠤ ᠳᠡᠦᠭᠡᠨ ᠬᠤᠭᠤᠴᠠᠭᠠᠨ ᠳ᠋ᠠᠭᠢ ᠬᠤᠷᠴᠢᠨ ᠠᠢ᠌ᠮᠠᠭ (《ᠬᠤᠷᠴᠢᠨ ᠲᠦᠮᠡᠨ》 ᠪᠣᠶᠤ 《ᠬᠤᠷᠴᠢᠨ ᠣᠯᠤᠰ》) ᠊ᠤᠨ ᠬᠠᠷᠢᠶᠠᠨ ᠳ᠋ᠠᠭᠢ ᠭᠤᠷᠯᠤᠰ ᠣᠳᠤᠭ ᠤᠨ ᠳᠤᠬᠠᠢ ᠳᠦᠭᠦᠮ ᠥᠭᠦᠯᠡᠶ᠎ᠡ᠃

ᠨᠢᠭᠡ᠂ ᠵᠦᠴᠢ ᠬᠠᠰᠠᠷ ᠤᠨ ᠬᠠᠷᠢᠶᠠᠨ ᠳ᠋ᠠᠭᠢ ᠭᠤᠷᠯᠤᠰ ᠠᠢ᠌ᠮᠠᠭ

ᠫᠧᠷᠰ ᠳᠡᠦᠭᠡᠴᠢ ᠷᠠᠰᠢᠳ᠋ ᠠᠳᠢᠳᠢᠨ ᠤ《ᠰᠤᠳᠤᠷ ᠤᠨ ᠴᠢᠭᠤᠯᠭᠠᠨ》 ᠳᠤ ᠭᠤᠷᠯᠤᠰ ᠠᠢ᠌ᠮᠠᠭ ᠤᠨ ᠭᠢᠨ ᠢ 《ᠭᠦᠳᠡᠷ ᠬᠠᠢ᠌ᠯᠠᠭᠤᠯᠵᠤ ᠡᠷᠭᠦᠨ᠎ᠡ ᠬᠤᠨ ᠡᠴᠡ ᠭᠠᠷᠤᠭᠰᠠᠨ》 ᠭᠡᠭᠦ ᠳᠤᠮᠤᠭ ᠲᠤ ᠬᠠᠮᠤᠭ ᠳᠡᠷᠢᠭᠦᠨ᠎ᠡ ᠨᠡᠭᠦᠳᠡᠯᠯᠡᠨ ᠭᠠᠷᠴᠤ᠂ ᠣᠰᠤ ᠪᠠᠯᠴᠢᠭᠡᠷ ᠰᠠᠢ᠌ᠳᠠᠢ ᠨᠤᠳᠤᠭ ᠢ ᠡᠵᠡᠯᠡᠭ᠍ᠰᠡᠨ ᠭᠡᠳᠡᠭ᠌ ᠪᠠ ᠳᠤᠪᠤᠨ ᠮᠡᠷᠭᠡᠨ ᠤ ᠬᠠᠳᠤᠨ ᠠᠯᠤᠨ ᠭᠤᠸ᠎ᠠ ᠶᠢ ᠮᠤᠩᠭ᠋ᠤᠯ ᠤᠨ ᠭᠤᠷᠯᠤᠰ ᠠᠢ᠌ᠮᠠᠭ ᠤᠨ ᠭᠦᠮᠤᠨ ᠭᠡᠵᠤ ᠳᠡᠮᠳᠡᠭᠯᠡᠭ᠍ᠰᠡᠨ ᠪᠠᠢ᠌ᠳᠠᠭ᠃ ᠮᠦᠨ ᠭᠤᠷᠯᠤᠰ ᠠᠢ᠌ᠮᠠᠭ ᠤᠨ ᠭᠢᠨ ᠣᠭᠰᠠᠭ᠎ᠠ ᠨᠢᠭᠡᠳᠡᠢ ᠬᠤᠩᠭᠢᠷᠠᠤᠨ ᠲᠡᠶ ᠬᠠᠮᠳᠤ ᠶᠢᠡᠷ ᠦᠶ᠎ᠡ ᠦᠶ᠎ᠡ ᠠᠯᠳᠠᠨ ᠣᠯᠤᠰ ᠤᠨ ᠭᠢᠯᠢ ᠶᠢ ᠣᠤᠯᠭᠠᠯᠠᠳᠠᠭ ᠭᠦᠴᠦᠷᠭᠡᠭ᠌ ᠶᠡᠭᠡ ᠠᠢ᠌ᠮᠠᠭ ᠪᠠᠢ᠌ᠵᠠᠢ᠃

《ᠮᠤᠩᠭ᠋ᠤᠯ ᠤᠨ ᠨᠢᠭᠤᠴᠠ ᠳᠤᠪᠴᠢᠶᠠᠨ》 ᠳᠤ ᠳᠡᠮᠳᠡᠭᠯᠡᠭ᠍ᠰᠡᠨ ᠶᠢᠡᠷ᠂ ᠴᠢᠩᠭᠢᠰ ᠬᠠᠭᠠᠨ ᠤ ᠮᠤᠩᠭ᠋ᠤᠯ ᠤᠨ ᠥᠡᠳᠦᠷᠯᠢᠭ᠌ ᠢ ᠨᠢᠭᠡᠳᠭᠡᠭᠦ ᠳᠠᠢ᠌ᠨ ᠤ ᠦᠶ᠎ᠡ ᠳᠤ᠂ ᠭᠤᠷᠯᠤᠰ ᠠᠢ᠌ᠮᠠᠭ ᠤᠨ ᠨᠢᠭᠡ ᠰᠠᠯᠪᠣᠷᠢ ᠶᠢᠨ ᠳᠦᠷᠦᠭᠦᠤ ᠰᠡᠴᠡᠭᠦᠷ᠂ ᠵᠠᠮᠤᠬ᠎ᠠ ᠡᠴᠡ ᠬᠠᠭᠠᠴᠠᠨ ᠳᠠᠮᠤᠵᠢᠨ ᠳᠤ ᠳᠠᠭᠠᠭᠰᠠᠨ ᠪᠠ ᠭᠤᠷᠯᠤᠰ ᠠᠢ᠌ᠮᠠᠭ ᠤᠨ ᠪᠠᠰᠠ ᠨᠢᠭᠡᠨ ᠳᠦᠷᠦᠭᠦᠤ ᠴᠤᠨᠠᠭ ᠨᠡᠷ ᠡᠴᠡ ᠵᠠᠮᠤᠬ᠎ᠠ ᠶᠢ ᠡᠷᠭᠦᠨ ᠭᠦᠷ ᠬᠠᠭᠠᠨ ᠡᠷᠭᠦᠮᠵᠢᠯᠡᠵᠤ᠂ ᠳᠠᠮᠤᠵᠢᠨ ᠲᠡᠶ ᠡᠰᠡᠷᠭᠦᠴᠡᠯᠳᠦᠵᠤ ᠪᠠᠢ᠌ᠭᠰᠠᠨ᠂ ᠮᠦᠨ ᠳᠠᠮᠤᠵᠢᠨ ᠡᠴᠡ ᠪᠠᠯᠵᠤᠨ᠎ᠠ ᠨᠠᠭᠤᠷ ᠲᠤ ᠪᠠᠭᠤᠵᠤ ᠪᠠᠢ᠌ᠬᠤ ᠳᠤ ᠭᠤᠷᠯᠤᠰ ᠠᠢ᠌ᠮᠠᠭ ᠤᠨ ᠪᠠᠰᠠ ᠨᠢᠭᠡᠨ ᠳᠦᠷᠦᠭᠦᠤ ᠴᠤᠭᠤᠰ ᠴᠠᠭᠠᠨ ᠪᠠᠭᠤᠵᠤ ᠥᠭ᠍ᠪᠡ ᠭᠡᠵᠤ ᠪᠣᠢ᠃ ᠴᠢᠩᠭᠢᠰ ᠬᠠᠭᠠᠨ 1206 ᠣᠨ ᠳᠤ ᠶᠡᠭᠡ ᠮᠤᠩᠭ᠋ᠤᠯ ᠣᠯᠤᠰ ᠤᠨ ᠬᠠᠭᠠᠨ ᠰᠠᠭᠤᠷᠢᠨ᠎ᠠ ᠰᠠᠭᠤᠵᠤ᠂ ᠶᠠᠷᠠᠨ ᠳᠠᠪᠤᠨ ᠮᠢᠩᠭ᠋ᠠᠳᠤ ᠶᠢᠨ ᠨᠤᠶᠠᠨ ᠡᠷᠭᠦᠮᠵᠢᠯᠡᠭᠦ ᠳᠡᠭᠡᠨ ᠰᠡᠴᠡᠭᠦᠷ ᠢ ᠮᠢᠩᠭ᠋ᠠᠨ ᠤ ᠨᠤᠶᠠᠨ ᠶᠢᠡᠷ ᠳᠤᠮᠢᠯᠠᠵᠤ᠂ ᠬᠠᠷᠢᠶᠠᠳᠤ ᠠᠢ᠌ᠮᠠᠭ ᠶᠢᠡᠨ ᠵᠠᠭᠢᠷᠤᠭᠰᠠᠨ ᠪᠠ ᠰᠡᠭᠦᠯᠡᠷ ᠨᠢ ᠪᠢᠴᠢᠭᠡᠴᠢ ᠶᠢᠡᠷ ᠡᠷᠭᠦᠮᠵᠢᠯᠡᠭ᠍ᠰᠡᠨ ᠪᠠᠢ᠌ᠨ᠎ᠠ᠃ ᠡᠭᠡ ᠭᠡᠦᠭᠡᠤᠨ ᠳᠡᠭᠦᠤ ᠨᠡᠷ ᠲᠠᠭᠠᠨ ᠬᠤᠪᠢ ᠢᠷᠭᠡᠨ ᠬᠤᠪᠢᠶᠠᠬᠤ ᠳᠤ ᠳᠡᠭᠦᠤ ᠬᠠᠰᠠᠷ ᠲᠤ ᠳᠦᠷᠪᠡᠨ ᠮᠢᠩᠭ᠋ᠠᠨ ᠢᠷᠭᠡᠨ ᠬᠤᠪᠢᠶᠠᠨ ᠦᠭ‍ᠭᠦᠭ᠍ᠰᠡᠨ ᠪᠦᠭᠡᠤᠨ ᠰᠡᠭᠦᠯᠡᠷ ᠨᠢ ᠳᠠᠪ ᠳᠡᠭ᠍ᠷᠢ ᠭᠦᠭᠡᠴᠤ ᠪᠦᠭᠡ ᠶᠢᠨ ᠥᠳᠦᠭᠡᠯᠭᠡ ᠪᠠᠷ ᠳᠡᠭᠦᠤ ᠳᠡᠭᠡᠨ ᠮᠠᠭᠤ ᠰᠠᠤᠠᠭᠢᠵᠤ᠂ ᠮᠢᠩᠭ᠎ᠠ ᠳᠦᠷᠪᠡᠨ ᠵᠠᠭᠤᠨ ᠢᠷᠭᠡᠨ ᠦᠭ‍ᠭᠦᠭ᠍ᠰᠡᠨ ᠪᠢᠯᠠ᠃ ᠰᠠᠭᠠᠩ ᠰᠠᠴᠠᠨ ᠤ ᠵᠤᠬᠢᠶᠠᠭᠰᠠᠨ 《ᠡᠷᠳᠡᠨᠢ ᠶᠢᠨ ᠳᠤᠪᠴᠢ》 ᠳᠤ᠄ 《1202 ᠣᠨ ᠳᠤ ᠨᠠᠷᠠᠨ ᠬᠠᠭᠠᠨ ᠲᠡᠶ ᠭᠡᠯᠡᠯᠴᠡᠭᠡᠷ ᠭᠢᠭᠡᠤᠨ ᠪᠦᠳᠦᠭ᠍ᠰᠡᠨ ᠦᠭᠡᠶ᠂ ᠨᠠᠷᠠᠨ ᠬᠠᠭᠠᠨ 20 ᠲᠦᠮᠡᠨ ᠴᠡᠷᠢᠭ᠌ ᠳᠠᠭᠠᠭᠤᠯᠵᠤ ᠭᠡᠷᠢᠶ᠎ᠡ ᠭᠦᠪᠠᠭᠡᠷ ᠭᠡᠮᠡᠭᠦ ᠭᠠᠵᠠᠷ ᠪᠠᠢ᠌ᠯᠳᠤᠪᠠ᠃ ᠡᠭᠦᠨ ᠳᠤ ᠬᠠᠰᠠᠷ ᠨᠤᠶᠠᠨ᠂ ᠬᠤᠩᠭᠢᠷᠠᠤᠨ ᠤᠨ ᠣᠴᠢ ᠰᠠᠴᠠᠨ᠂ ᠡᠩᠭᠦᠤᠨ ᠤᠨ ᠳᠤᠭᠳᠠᠬᠤ ᠳᠠᠪᠣᠨᠠᠩ᠂ ᠪᠠᠶᠠᠭᠤᠳ ᠤᠨ ᠡᠷ᠎ᠡ ᠠᠭᠳᠠ ᠳᠤᠯᠤᠭᠠᠢ᠌ᠯᠠᠵᠤ᠂ ᠨᠠᠷᠠᠨ ᠬᠠᠭᠠᠨ ᠢ ᠠᠮᠢᠳᠤ ᠪᠠᠷ ᠪᠠᠷᠢᠪᠠ᠃》 ᠭᠡᠵᠤ ᠳᠡᠮᠳᠡᠭᠯᠡᠪᠠᠢ᠃ ᠡᠳᠡᠭᠡᠷ ᠡᠴᠡ ᠦᠵᠡᠪᠠᠯ᠂ ᠰᠡᠴᠡᠭᠦᠷ ᠤᠨ ᠮᠢᠩᠭ᠋ᠠᠳᠤ ᠳᠤ ᠪᠠᠭᠳᠠᠭᠰᠠᠨ ᠦᠭᠡᠶ ᠭᠡᠰᠡᠭ᠌ ᠭᠤᠷᠯᠤᠰ ᠠᠢ᠌ᠮᠠᠭ ᠤᠨ ᠭᠢᠨ ᠪᠠ ᠨᠠᠷᠠᠨ ᠬᠠᠭᠠᠨ ᠢ ᠳᠠᠢ᠌ᠯᠠᠭᠰᠠᠨ ᠳᠠᠢ᠌ᠨ ᠤ ᠣᠯᠵᠠᠯᠠᠭᠳᠠᠭᠰᠠᠤᠨ ᠨᠢ ᠬᠠᠰᠠᠷ ᠤᠨ ᠬᠤᠪᠢ ᠢᠷᠭᠡᠨ ᠪᠣᠯᠵᠤ ᠥᠮᠴᠢᠯᠡᠭ᠍ᠳᠡᠭ᠍ᠰᠡᠨ ᠨᠢ ᠮᠠᠷᠭᠤᠰᠢ ᠦᠭᠡᠶ᠃ ᠡᠭᠦᠨ ᠢ ᠫᠧᠷᠰ ᠳᠡᠦᠭᠡᠴᠢ ᠷᠠᠰᠢᠳ᠋ ᠠᠳᠢᠳᠢᠨ ᠤ 《ᠰᠤᠳᠤᠷ ᠤᠨ ᠴᠢᠭᠤᠯᠭᠠᠨ》 ᠳ᠋ᠠᠭᠢ᠄ ᠴᠢᠩᠭᠢᠰ ᠬᠠᠭᠠᠨ ᠡᠴᠡ ᠥᠭᠡᠯᠤᠨ ᠡᠭᠡ ᠪᠠ ᠳᠡᠭᠦᠤ ᠤᠳᠴᠢᠭᠢᠨ ᠳᠤ ᠭᠤᠷᠪᠠᠨ ᠮᠢᠩᠭ᠋ᠠᠨ ᠡᠷᠦᠭᠡ ᠭᠤᠷᠯᠤᠰ ᠣᠯᠭᠤᠨᠤᠳ ᠢᠷᠭᠡᠨ ᠢ ᠥᠭ᠍ᠪᠡ ᠭᠡᠰᠡᠨ ᠳᠡᠮᠳᠡᠭᠯᠡᠯ ᠪᠠ ᠬᠠᠰᠠᠷ ᠨᠢ ᠠᠯᠳᠠᠨ ᠭᠡᠰᠡᠨ ᠭᠤᠷᠯᠤᠰ ᠬᠠᠳᠤᠨ ᠲᠡᠶ ᠪᠠᠢ᠌ᠭᠰᠠᠨ ᠭᠡᠳᠡᠭ᠌ ᠨᠢ ᠭᠦᠢᠴᠡᠳ ᠭᠡᠷᠡᠴᠢᠯᠡᠵᠤ ᠪᠣᠯᠤᠨ᠎ᠠ᠃

ᠬᠤᠶᠠᠷ᠂ ᠬᠤᠷᠴᠢᠨ ᠲᠦᠮᠡᠨ ᠤ ᠬᠠᠷᠢᠶᠠᠨ ᠳ᠋ᠠᠭᠢ ᠭᠤᠷᠯᠤᠰ ᠣᠳᠤᠭ

ᠮᠤᠩᠭ᠋ᠤᠯ ᠤᠨ ᠳᠤᠮᠳᠠ ᠮᠠᠠᠳᠤᠯ ᠤᠨ ᠡᠵᠡᠨ ᠳᠠᠶᠤᠨ ᠬᠠᠭᠠᠨ ᠤ ᠦᠶ᠎ᠡ ᠳᠤ ᠴᠢᠩᠭᠢᠰ ᠬᠠᠭᠠᠨ ᠤ ᠳᠡᠭᠦᠤ ᠨᠡᠷ ᠤᠨ ᠣᠷᠤᠭ ᠤᠨ ᠨᠤᠶᠠᠯᠠᠭᠰᠠᠨ ᠠᠢ᠌ᠮᠠᠭ ᠳᠤᠳᠤᠷ᠎ᠠ ᠭᠠᠭᠴᠠ ᠬᠤᠷᠴᠢᠨ ᠨᠢ ᠵᠢᠷᠭᠤᠭᠠᠨ ᠲᠦᠮᠡᠨ ᠤ ᠭᠡᠪᠴᠢᠶ᠎ᠡ ᠪᠦᠭᠦᠢ ᠳᠤᠮᠤᠬᠠᠨ ᠣᠯᠤᠰ ᠪᠣᠯᠵᠤ ᠪᠦᠷᠢᠯᠳᠦᠭ᠍ᠰᠡᠨ ᠳᠤᠯᠠ 《ᠰᠢᠷ᠎ᠠ ᠳᠤᠭᠤᠵᠢ》 ᠪᠠ 《ᠡᠷᠳᠡᠨᠢ ᠶᠢᠨ ᠳᠤᠪᠴᠢ》 ᠵᠡᠷᠭᠡ ᠪᠠᠷᠠᠭᠤᠨ ᠭᠤᠷᠪᠠᠨ ᠲᠦᠮᠡᠨ ᠤ ᠳᠡᠦᠭᠡ ᠶᠢ ᠨᠠᠷᠢᠨ ᠪᠢᠴᠢᠭ᠍ᠰᠡᠨ ᠰᠤᠷᠪᠣᠯᠵᠢᠰ ᠲᠤ ᠬᠤᠷᠴᠢᠨ ᠲᠦᠮᠡᠨ ᠤ ᠬᠠᠷᠢᠶᠠᠳᠤ ᠣᠳᠤᠭ ᠠᠢ᠌ᠮᠠᠭ ᠤᠨ ᠳᠤᠬᠠᠢ ᠥᠴᠦᠭᠡᠨ ᠴᠤ ᠮᠡᠳᠡᠭᠡᠯᠡᠭ᠍ᠰᠡᠨ ᠦᠭᠡᠶ ᠪᠣᠯᠪᠠᠴᠤ 《ᠬᠠᠤᠨ ᠤᠨ ᠦᠨᠳᠦᠰᠦᠨ ᠬᠤᠷᠢᠶᠠᠩᠭ᠋ᠤᠢ ᠠᠯᠳᠠᠨ ᠳᠤᠪᠴᠢ》 ᠪᠠ ᠯᠤᠪᠰᠠᠩᠳᠠᠠᠵᠢᠨ ᠤ 《ᠠᠯᠳᠠᠨ ᠳᠤᠪᠴᠢ》 ᠳᠤ ᠳᠠᠶᠤᠨ ᠬᠠᠭᠠᠨ ᠤ ᠦᠶ᠎ᠡ ᠶᠢᠨ ᠣᠷᠳᠤᠳᠠᠢ ᠸᠠᠩ ᠤᠨ ᠨᠤᠶᠠᠯᠠᠯ ᠳ᠋ᠠᠭᠢ ᠬᠤᠷᠴᠢᠨ ᠲᠦᠮᠡᠨ ᠨᠢ 《ᠳᠤᠯᠤᠭᠠᠨ ᠣᠳᠤᠭ ᠬᠤᠷᠴᠢᠨ》 ᠭᠡᠵᠤ ᠳᠡᠮᠳᠡᠭᠯᠡᠭ᠍ᠳᠡᠭ᠍ᠰᠡᠨ ᠪᠦᠭᠡᠤᠨ ᠣᠷᠢᠶᠠᠩᠬᠠᠨ ᠤ ᠴᠠᠪᠳᠠᠨ ᠤ ᠭᠦᠪᠠᠭᠦᠤᠨ ᠢ ᠳᠠᠢ᠌ᠯᠠᠭᠰᠠᠨ ᠪᠠᠢ᠌ᠯᠳᠤᠭᠠᠨ ᠤ ᠶᠠᠪᠣᠴᠠ ᠳᠤ ᠬᠤᠷᠴᠢᠨ ᠲᠦᠮᠡᠨ ᠳᠤ ᠪᠠᠭᠳᠠᠬᠤ ᠵᠠᠷᠢᠮ ᠣᠳᠤᠭ ᠠᠢ᠌ᠮᠠᠭ ᠤᠨ ᠨᠠᠷ᠎ᠠ ᠶᠢ ᠳᠤᠷᠠᠳᠤᠭᠰᠠᠨ ᠪᠠᠢ᠌ᠨ᠎ᠠ᠃

ᠬᠤᠷᠴᠢᠨ ᠲᠦᠮᠡᠨ ᠤ ᠣᠳᠤᠭ ᠠᠢ᠌ᠮᠠᠭ ᠤᠨ ᠪᠦᠳᠦᠴᠡ ᠵᠢᠨ ᠲᠤᠬᠠᠢ ᠳ᠋ᡁᠷᠠᠮ᠎ᠠ ᠭᠦᠦᠰᠢ ᠶᠢᠨ ᠳᠤᠭᠤᠷᠪᠢᠭᠰᠠᠨ 《ᠠᠯᠳᠠᠨ ᠭᠦᠷᠳᠤᠨ ᠮᠢᠩᠭ᠋ᠠᠨ ᠭᠡᠭᠡᠰᠦᠳᠤ》 ᠶᠢᠨ ᠳᠡᠮᠳᠡᠭᠯᠡᠯ ᠳᠤ 《ᠳᠤᠯᠤᠭᠠᠨ ᠣᠲᠤᠭ ᠬᠤᠷᠴᠢᠨ》 ᠭᠡᠭ᠍ᠴᠢ ᠴᠤᠬᠤᠮ ᠠᠯᠢ ᠠᠯᠢ ᠣᠳᠤᠭ ᠡᠴᠡ ᠪᠦᠷᠢᠯᠳᠦᠭ᠍ᠰᠡᠨ ᠢ ᠳᠤᠳᠤᠷᠬᠠᠢ ᠳᠡᠮᠳᠡᠭᠯᠡᠵᠡᠢ᠃ ᠳᠤᠰ ᠪᠢᠴᠢᠭ᠌ ᠤᠨ ᠬᠠᠮᠤᠭ ᠰᠡᠭᠦᠯ ᠤᠨ ᠵᠢᠷᠭᠤᠳᠤᠭᠠᠷ ᠳᠠᠪᠳᠠᠷ ᠲᠤ 《ᠬᠠᠰᠠᠷ ᠡᠵᠡᠨ ᠤ ᠣᠯᠤᠰ ᠢᠨᠤ᠄ ᠰᠢᠨ᠎ᠡ ᠮᠢᠩᠭ᠋ᠠᠨ ᠳᠠᠪᠤᠨ᠂ ᠮᠤᠤ ᠮᠢᠩᠭ᠋ᠠᠨ᠂ ᠳᠠᠳᠠᠯᠴᠢᠨ᠂ ᠪᠣᠳᠠᠴᠢᠨ᠂ ᠠᠯᠳᠠᠴᠢᠨ᠂ ᠭᠤᠷᠯᠤᠰ ᠡᠳᠡᠭᠡᠷ ᠣᠳᠤᠭ ᠵᠡᠭᠦᠨ ᠭᠠᠷ ᠤᠨ ᠳᠤᠯᠤᠭᠠᠨ ᠲᠦᠮᠡᠨ ᠣᠳᠤᠭ ᠣᠯᠤᠰ ᠪᠣᠢ᠃ ᠭᠡᠷᠡᠢ᠌ᠤᠨ᠂ ᠵᠣᠢ᠌ᠤᠨ᠂ ᠰᠠᠬᠠᠢ᠌ᠳ᠂ ᠶᠡᠭᠡ ᠮᠢᠩᠭ᠋ᠠᠨ᠂ ᠭᠡᠭᠦᠨ ᠭᠡᠰᠢᠭ᠌ ᠪᠠ ᠳᠦᠢᠪᠠᠭᠦᠨ ᠡᠳᠡ ᠵᠢᠷᠭᠤᠭᠠᠨ ᠣᠳᠤᠭ ᠪᠠᠷᠠᠭᠤᠨ ᠭᠠᠷ ᠤᠨ ᠭᠡᠷᠡᠢ᠌ᠤᠨ ᠣᠯᠤᠰ ᠭᠡᠮᠡᠵᠦᠭᠦᠢ᠃ ᠡᠳᠡᠭᠡᠷ ᠠᠷᠪᠠᠨ ᠭᠤᠷᠪᠠᠨ ᠣᠳᠤᠭ ᠬᠠᠰᠠᠷ ᠡᠵᠡᠨ ᠤ ᠬᠤᠶᠠᠷ ᠡᠳᠡᠭᠡᠤᠨ ᠤᠨ ᠠᠷᠪᠠᠨ ᠲᠦᠮᠡᠨ ᠣᠯᠤᠰ ᠪᠣᠯᠠᠢ》 ᠭᠡᠵᠤ ᠳᠤᠳᠤᠷᠬᠠᠢ ᠳᠡᠮᠳᠡᠭᠯᠡᠵᠡᠢ᠃

ᠡᠭᠦᠨ ᠳᠤ ᠵᠡᠭᠦᠨ ᠭᠠᠷ ᠤᠨ ᠳᠤᠯᠤᠭᠠᠨ ᠣᠳᠤᠭ ᠬᠤᠷᠴᠢᠨ ᠨᠢ ᠦᠶ᠎ᠡ ᠣᠯᠠᠷᠢᠨ ᠬᠠᠰᠠᠷ ᠤᠨ ᠣᠷᠤᠭ ᠤᠨ ᠠᠬᠠᠮᠠᠤᠨ ᠭᠦᠪᠠᠭᠦᠤᠨ ᠲᠤ ᠰᠢᠭᠤᠳ ᠡᠵᠡᠮᠰᠢᠭ᠍ᠳᠡᠳᠡᠭ᠌ ᠪᠠᠢ᠌ᠵᠠᠢ᠃ ᠡᠭᠦᠨ ᠳᠤ ᠪᠠᠭᠳᠠᠬᠤ ᠭᠤᠷᠯᠤᠰ ᠣᠳᠤᠭ ᠢ ᠰᠤᠷᠪᠣᠯᠵᠢᠰ ᠲᠤ ᠪᠠᠰᠠ ᠭᠤᠷᠯᠠᠤᠨ ᠪᠣᠶᠤ ᠭᠦᠷᠯᠡᠳ ᠭᠡᠳᠡᠭ᠌᠂ ᠳᠡᠭᠦᠨ ᠤ ᠬᠠᠷᠢᠶᠠᠳᠤ ᠢᠷᠭᠡᠨ ᠨᠢ ᠭᠤᠤᠯᠳᠠᠭᠤ ᠴᠢᠩᠭᠢᠰ ᠬᠠᠭᠠᠨ ᠤ ᠬᠠᠰᠠᠷ ᠲᠤ ᠥᠮᠴᠢᠯᠡᠭᠦᠯᠦᠭ᠍ᠰᠡᠨ ᠡᠷᠳᠡᠨ ᠤ ᠭᠤᠷᠯᠤᠰ ᠠᠢ᠌ᠮᠠᠭ ᠤᠨ ᠭᠡᠰᠡᠭ᠌ ᠢᠷᠭᠡᠨ ᠪᠠᠢ᠌ᠯᠴᠠᠭᠰᠠᠨ ᠪᠠ 15 ᠊᠊᠊᠊᠊᠊᠊᠊᠊᠊᠊᠊᠊᠊᠊ 16 ᠳ᠋ᠤᠭᠠᠷ ᠵᠠᠭᠤᠨ ᠤ ᠣᠷᠢᠶᠠᠩᠬᠠᠨ ᠲᠦᠮᠡᠨ ᠳᠤ ᠪᠠᠢ᠌ᠯᠴᠠᠭᠰᠠᠨ ᠭᠤᠷᠯᠤᠰ ᠢᠷᠭᠡᠤᠨ ᠢ ᠪᠠᠭᠳᠠᠭᠠᠨ᠎ᠠ᠃ 1517 ᠣᠨ ᠳᠤ ᠳᠠᠶᠤᠨ ᠬᠠᠭᠠᠨ ᠨᠠᠰᠤ ᠪᠠᠷᠠᠭᠰᠠᠨ ᠳᠤ ᠣᠷᠢᠶᠠᠩᠬᠠᠨ ᠲᠦᠮᠡᠨ ᠥᠷᠭᠦᠯᠵᠢ ᠴᠠᠬᠠᠷ ᠲᠦᠮᠡᠨ ᠤ ᠠᠷᠤ ᠪᠠᠷ ᠳᠦᠢᠪᠠᠭᠡᠵᠤ᠂ ᠶᠡᠭᠡ ᠬᠠᠭᠠᠨ ᠤ ᠨᠤᠶᠠᠷᠬᠠᠯ ᠢ ᠰᠥᠷᠳᠡᠭᠦᠯᠪᠡ᠃ 1524 ᠣᠨ ᠡᠴᠡ 1538 ᠣᠨ ᠤ ᠬᠤᠭᠤᠷᠤᠠᠳᠤ ᠪᠣᠳᠢ ᠠᠯᠠᠭ ᠬᠠᠭᠠᠨ ᠮᠤᠩᠭ᠋ᠤᠯ ᠤᠨ ᠪᠣᠰᠤᠳ ᠳᠠᠪᠤᠨ ᠲᠦᠮᠡᠨ ᠢ ᠨᠤᠶᠠᠯᠠᠭᠰᠠᠨ ᠳᠠᠶᠤᠨ ᠬᠠᠭᠠᠨ ᠤ ᠬᠣᠢ᠌ᠴᠢᠰ ᠪᠠ ᠣᠷᠳᠤᠳᠠᠢ ᠸᠠᠩ᠂ ᠦᠨᠡᠪᠣᠯᠤᠳ ᠸᠠᠩ ᠤᠨ ᠭᠦᠪᠠᠭᠦᠤᠨ ᠶᠢᠡᠷ ᠳᠡᠷᠢᠯᠡᠭᠦᠯᠦᠭ᠍ᠰᠡᠨ ᠬᠤᠷᠴᠢᠨ ᠤ ᠨᠤᠶᠠᠤᠨ ᠢ ᠳᠠᠢ᠌ᠴᠢᠯᠠᠵᠤ᠂ ᠣᠷᠢᠶᠠᠩᠬᠠᠨ ᠲᠦᠮᠡᠨ ᠢ ᠳᠠᠢ᠌ᠯᠠᠨ ᠪᠠᠢ᠌ᠨ᠎ᠠ᠃ ᠭᠤᠷᠯᠤᠰ ᠤᠨ ᠴᠠᠪᠳᠠᠨ ᠤ ᠭᠤᠷᠪᠠᠨ ᠭᠦᠪᠠᠭᠦᠤᠨ ᠢ ᠳᠠᠢ᠌ᠯᠠᠭᠰᠠᠨ ᠪᠠᠢ᠌ᠯᠳᠤᠭᠠᠨ ᠶᠢᠡᠷ ᠳᠡᠭᠦᠨ ᠤ ᠬᠠᠷᠢᠶᠠᠨ ᠤ ᠭᠤᠷᠯᠤᠰ ᠢᠷᠭᠡᠨ ᠤᠳ ᠬᠠᠰᠠᠷ ᠤᠨ ᠬᠣᠢ᠌ᠴᠢᠰ ᠤᠨ ᠬᠤᠷᠴᠢᠨ ᠲᠦᠮᠡᠨ ᠤ ᠨᠤᠶᠠᠯᠠᠯ ᠳᠤ ᠣᠷᠤᠪᠠ᠃ ᠡᠭᠦᠨ ᠤ ᠳᠤᠬᠠᠢ 《ᠬᠠᠤᠨ ᠤᠨ ᠦᠨᠳᠦᠰᠦᠨ ᠤ ᠬᠤᠷᠢᠶᠠᠩᠭ᠋ᠤᠢ ᠠᠯᠳᠠᠨ ᠳᠤᠪᠴᠢ》 ᠳ᠋ᠤ᠄ ᠳᠠᠢ᠌ᠽᠤᠩ ᠬᠠᠭᠠᠨ ᠤ ᠦᠰᠢᠶ᠎ᠠ ᠶᠢ ᠰᠢᠭᠦᠰᠦᠳᠡᠢ ᠶᠢᠨ ᠭᠦᠪᠠᠭᠦᠨ ᠪᠣᠯᠤᠬᠠᠢ ᠸᠠᠩ ᠨᠡᠭᠡᠵᠤ ᠢᠷᠠᠨ᠂ ᠪᠣᠭᠤᠷᠤᠯ ᠳᠤ ᠴᠠᠪᠳᠠᠨ ᠤ ᠭᠦᠪᠠᠭᠦᠨ ᠮᠤᠯᠤᠴᠢ᠂ ᠠᠯᠴᠤᠬᠤᠳᠠᠢ᠂ ᠠᠯᠤᠷᠢ ᠡᠳᠡ ᠭᠤᠷᠪᠠᠭᠤᠯᠠ ᠰᠢᠪᠠᠭᠡᠯᠡᠵᠤ ᠡᠰᠡ ᠠᠪᠴᠤ ᠬᠠᠷᠢᠪᠠ᠂ ᠳᠡᠭᠦᠨᠤ ᠬᠣᠢ᠌ᠨ᠎ᠠ ᠭᠦᠷᠢᠶᠡᠨ ᠳᠤ ᠪᠠᠰᠠ ᠰᠢᠪᠠᠭᠡᠯᠡᠵᠤ ᠡᠰᠡ ᠠᠪᠳᠠᠪᠠ᠁ ᠬᠣᠢ᠌ᠨ᠎ᠠ ᠣᠨᠤᠨ ᠤ ᠱᠠᠭᠴᠠᠭᠠᠠᠳᠤ ᠶᠢᠨ ᠶᠡᠭᠡ ᠠᠷᠠᠯ ᠳᠤ ᠣᠴᠠᠷᠠᠪᠠ᠁ ᠭᠡᠵᠤ ᠪᠠᠢ᠌ᠯᠳᠤᠭᠠᠨ ᠤ ᠶᠠᠪᠣᠴᠠ ᠶᠢ ᠨᠠᠷᠢᠯᠢᠭ ᠳᠡᠮᠳᠡᠭᠯᠡᠭ᠍ᠰᠡᠨ ᠪᠠᠢ᠌ᠳᠠᠭ᠃ ᠮᠦᠨ ᠡᠨᠡ ᠳᠠᠢ᠌ᠨ ᠶᠢᠡᠷ ᠳᠠᠮᠵᠢᠨ ᠬᠤᠷᠴᠢᠨ ᠲᠦᠮᠡᠨ ᠨᠢ ᠣᠯᠠᠮ ᠪᠣᠵᠠᠭᠠᠢ᠌ᠷᠠᠭᠰᠠᠨ ᠮᠥᠷᠳᠡᠭᠡᠨ ᠬᠤᠷᠴᠢᠨ ᠲᠦᠮᠡᠨ ᠳ᠋ᠠᠭᠢ ᠭᠤᠷᠯᠤᠰ ᠣᠳᠤᠭ ᠨᠢ ᠭᠦᠮᠤᠨ ᠠᠮᠠ ᠭᠦᠴᠤᠨ ᠶᠢᠡᠷ ᠪᠣᠰᠤᠳ ᠣᠳᠤᠭ ᠠᠢ᠌ᠮᠠᠭ ᠡᠴᠡ ᠪᠠᠨ ᠳᠠᠪᠠᠭᠰᠠᠨ ᠪᠠᠢ᠌ᠨ᠎ᠠ᠃

ᠭᠤᠷᠪᠠ᠂ ᠨᠤᠨ ᠬᠤᠷᠴᠢᠨ ᠤ ᠬᠠᠷᠢᠶᠠᠨ ᠳ᠋ᠠᠭᠢ ᠭᠤᠷᠯᠤᠰ ᠠᠢ᠌ᠮᠠᠭ

16 ᠳ᠋ᠤᠭᠠᠷ ᠵᠠᠭᠤᠨ ᠤ ᠡᠭᠢᠨ ᠳᠤ ᠴᠢ ᠸᠠᠩ ᠪᠣᠯᠤᠨᠠᠢ ᠶᠢᠨ ᠭᠦᠪᠠᠭᠦᠨ ᠣᠷᠳᠤᠳᠠᠢ ᠪᠣᠶᠠᠠᠳᠤ ᠸᠠᠩ ᠠᠬᠠᠮᠠᠤᠨ ᠭᠦᠪᠠᠭᠦᠨ ᠤ ᠲᠦᠪ ᠣᠳᠤᠮᠰᠢᠯ ᠶᠢᠡᠷ ᠬᠠᠰᠠᠷ ᠤᠨ ᠣᠷᠳᠤ ᠶᠢ ᠦᠪᠯᠠᠵᠤ᠂ ᠮᠠᠭᠤ ᠮᠢᠩᠭ᠋ᠠᠨ ᠳᠡᠷᠢᠭᠦᠳᠡᠢ ᠬᠤᠷᠴᠢᠨ ᠲᠦᠮᠡᠨ ᠤ ᠴᠡᠷᠢᠭ᠌ ᠢ ᠨᠢᠭᠡᠳᠦᠯᠳᠡᠢ ᠵᠠᠭᠢᠷᠤᠨ ᠳᠠᠶᠤᠨ ᠬᠠᠭᠠᠨ ᠤ ᠨᠢᠭᠡᠳᠭᠡᠯ ᠤᠨ ᠳᠠᠢ᠌ᠨ ᠳᠤ ᠢᠳᠠᠪᠭᠢᠯᠠᠨ ᠵᠢᠦᠡᠭᠦᠵᠤ ᠪᠠᠢ᠌ᠵᠠᠢ᠃ ᠬᠠᠷᠢᠨ ᠣᠷᠳᠤᠳᠠᠢ ᠪᠣᠶᠠᠠᠳᠤ ᠸᠠᠩ ᠨᠠᠰᠤ ᠪᠠᠷᠠᠭᠰᠠᠨ ᠤ ᠳᠠᠷᠠᠭ᠎ᠠ᠂ ᠳᠡᠭᠦᠤ ᠲᠦᠮᠡᠢ ᠵᠠᠶᠠᠭᠠᠴᠢ ᠶᠢᠨ ᠭᠤᠷᠪᠠᠨ ᠭᠦᠪᠠᠭᠦᠨ ᠭᠦᠢ ᠮᠥᠩᠭᠡ ᠳᠠᠰᠬᠠᠷ᠎ᠠ᠂ ᠪᠠᠭᠤᠨ ᠨᠤᠶᠠᠨ᠂ ᠪᠣᠷᠬᠠᠢ ᠣᠤᠠᠬᠤᠨ ᠬᠤᠷᠴᠢᠨ ᠲᠦᠮᠡᠨ ᠤ ᠵᠤᠩᠭᠢ ᠣᠳᠤᠭ ᠠᠢ᠌ᠮᠠᠭ ᠢ ᠬᠤᠪᠢᠶᠠᠨ ᠡᠵᠡᠯᠡᠵᠤ᠂ ᠨᠤᠳᠤᠭ ᠮᠠᠯᠵᠢᠯ ᠤᠨ ᠡᠵᠡᠮᠰᠢᠯ ᠶᠢᠡᠨ ᠠᠭᠠᠵᠢᠮ ᠶᠢᠡᠷ ᠡᠮᠦᠨᠡᠰᠢ ᠦᠷᠭᠡᠳᠭᠡᠭᠰᠡᠨ ᠪᠠᠢ᠌ᠨ᠎ᠠ᠃

16 ᠳ᠋ᠤᠭᠠᠷ ᠵᠠᠭᠤᠨ ᠤ ᠭᠤᠴᠢᠭᠠᠤᠨ ᠣᠨ ᠳᠤ ᠲᠦᠮᠡᠢ ᠵᠠᠶᠠᠭᠠᠴᠢ ᠶᠢᠨ ᠠᠬᠠᠮᠠᠤᠨ ᠭᠦᠪᠠᠭᠦᠨ ᠭᠦᠢ ᠮᠥᠩᠭᠡ ᠳᠠᠰᠬᠠᠷ᠎ᠠ ᠦᠪᠡᠷ ᠤᠨ ᠬᠠᠷᠢᠶᠠᠳᠤ ᠬᠤᠷᠴᠢᠨ ᠲᠦᠮᠡᠨ ᠤ ᠭᠡᠰᠡᠭ᠌ ᠢᠷᠭᠡᠤᠨ ᠢ ᠳᠠᠭᠠᠭᠤᠯᠤᠨ᠂ ᠣᠨᠤᠨ ᠡᠷᠭᠦᠨ᠎ᠡ ᠶᠢᠨ ᠨᠤᠳᠤᠭ ᠡᠴᠡ ᠪᠠᠨ ᠭᠢᠩᠭ᠋ᠠᠨ ᠳᠠᠪᠠᠭᠠᠨ ᠤ ᠡᠩᠭᠡᠷ ᠳᠠᠭᠢ ᠨᠤᠨ ᠮᠦᠷᠠᠨ ᠤ ᠰᠠᠪᠠ ᠭᠠᠵᠠᠷ ᠲᠤ ᠨᠡᠭᠦᠳᠡᠯᠯᠡᠨ ᠢᠷᠠᠵᠤ᠂ ᠳᠠᠠᠳᠠᠭᠢ ᠮᠤᠩᠭ᠋ᠤᠯ᠂ ᠵᠦᠷᠴᠢᠨ ᠠᠢ᠌ᠮᠠᠭ ᠣᠭᠰᠠᠭᠠᠳᠠᠨ ᠢ ᠡᠷᠭᠡᠰᠢᠶᠡᠯ ᠳᠡᠭᠡᠨ ᠣᠷᠤᠭᠤᠯᠤᠨ ᠨᠤᠨ ᠬᠤᠷᠴᠢᠨ ᠠᠢ᠌ᠮᠠᠭ ᠠᠩᠬᠠᠯᠠᠨ ᠪᠦᠷᠢᠯᠳᠦᠪᠡ᠃

ᠨᠤᠨ ᠬᠤᠷᠴᠢᠨ ᠤ ᠬᠠᠷᠢᠶᠠᠨ ᠳ᠋ᠠᠭᠢ ᠭᠤᠷᠯᠤᠰ ᠠᠢ᠌ᠮᠠᠭ ᠨᠢ ᠣᠤᠯ ᠤᠨ ᠬᠠᠰᠠᠷ ᠤᠨ ᠦᠮᠴᠢ ᠢᠷᠭᠡᠨ ᠪᠣᠯᠬᠤ ᠡᠷᠳᠡᠨ ᠤ ᠭᠤᠷᠯᠤᠰᠴᠤᠳ ᠪᠠ ᠤᠷᠢᠶᠠᠩᠬᠠᠨ ᠲᠦᠮᠡᠨ ᠤ ᠭᠡᠰᠡᠭ᠌ ᠭᠤᠷᠯᠤᠰ ᠢᠷᠭᠡᠨ ᠪᠠᠭᠳᠠᠭᠠᠬᠤ ᠡᠴᠡ ᠭᠠᠳᠠᠨ᠎ᠠ ᠶᠤᠸᠠᠨ ᠣᠯᠤᠰ ᠤᠨ ᠦᠶ᠎ᠡ ᠡᠴᠡ ᠨᠤᠨ ᠮᠦᠷᠠᠨ ᠤ ᠰᠠᠪᠠ ᠭᠠᠵᠠᠷ ᠨᠤᠳᠤᠭᠯᠠᠵᠤ ᠪᠠᠢ᠌ᠭᠰᠠᠨ ᠴᠢᠩᠭᠢᠰ ᠬᠠᠭᠠᠨ ᠡᠴᠡ ᠥᠭᠡᠯᠤᠨ ᠦᠵᠢᠨ ᠳᠤ ᠣᠯᠭᠤᠭᠰᠠᠨ ᠭᠤᠷᠪᠠᠨ ᠮᠢᠩᠭ᠋ᠠᠨ ᠭᠤᠷᠯᠤᠰ ᠪᠠ ᠮᠢᠩ ᠣᠯᠤᠰ ᠤᠨ ᠦᠶ᠎ᠡ ᠶᠢᠨ ᠳᠤᠶᠤᠨ ᠬᠠᠷᠠᠭᠤᠯ ᠤᠨ ᠭᠤᠷᠯᠤᠰ ᠮᠤᠩᠭ᠋ᠤᠯᠴᠤᠳ ᠪᠣᠯᠤᠨ᠎ᠠ᠃ 17 ᠳ᠋ᠤᠭᠠᠷ ᠵᠠᠭᠤᠨ ᠤ ᠡᠭᠢᠨ ᠤ ᠦᠶ᠎ᠡ ᠳᠤ ᠭᠤᠷᠯᠤᠰ ᠨᠢ ᠵᠠᠯᠠᠢ᠌ᠳ᠂ ᠳᠦᠷᠪᠡᠤᠨ ᠪᠠ ᠲᠡᠶ ᠳᠠᠷᠬᠠᠨ ᠤ ᠭᠦᠪᠠᠭᠦᠤᠨ ᠤᠨ ᠬᠠᠷᠢᠶᠠᠳᠤ ᠠᠢ᠌ᠮᠠᠭ ᠲᠡᠶ ᠣᠢ᠌ᠷᠠᠯᠴᠠᠭ᠎ᠠ ᠨᠤᠳᠤᠭᠯᠠᠵᠤ᠂ ᠳᠤᠳᠤᠭᠠᠳᠤ ᠳ᠋ᠤᠨᠢ ᠪᠣᠷᠵᠢᠭᠢᠳ᠂ ᠭᠤᠷᠯᠤᠰ᠂ ᠭᠤᠤᠯᠴᠤᠳ᠂ ᠰᠤᠯᠤᠩᠭ᠋ᠤᠳ᠂ ᠣᠷᠢᠶᠠᠩᠬᠠᠤᠨ ᠵᠡᠷᠭᠡ ᠠᠷᠪᠠᠨ ᠳᠦᠷᠪᠡᠨ ᠣᠪᠣᠭᠳᠠᠨ ᠪᠠᠭᠳᠠᠵᠤ ᠪᠠᠢ᠌ᠵᠠᠢ᠃ ᠭᠦᠴᠦᠷᠭᠡᠭ᠌ ᠶᠡᠭᠡ ᠬᠤᠷᠴᠢᠨ ᠠᠢ᠌ᠮᠠᠭ ᠤᠨ ᠡᠮᠦᠨᠡᠰᠢ ᠳᠦᠷᠢᠯᠳᠠ ᠳᠤᠤᠷ᠎ᠠ᠂ ᠭᠤᠷᠯᠤᠰ ᠵᠡᠷᠭᠡ ᠠᠢ᠌ᠮᠠᠭᠳᠠᠨ ᠡᠷᠭᠡᠰᠢᠶᠡᠭ᠍ᠳᠡᠭ᠍ᠰᠡᠨ ᠪᠠᠢ᠌ᠨ᠎ᠠ᠃ 《ᠮᠤᠩᠭ᠋ᠤᠯ ᠤᠨ ᠬᠤᠰᠢᠭᠤ ᠨᠤᠳᠤᠭ ᠤᠨ ᠳᠡᠮᠳᠡᠭᠯᠡᠯ》 ᠵᠡᠷᠭᠡ ᠪᠢᠴᠢᠭ᠌ ᠲᠤ᠄ ᠬᠠᠪᠣᠳᠤ ᠬᠠᠰᠠᠷ ᠡᠴᠡ ᠠᠷᠪᠠᠨ ᠵᠢᠷᠭᠤᠭᠠᠨ ᠦᠶ᠎ᠡ ᠣᠯᠠᠮᠵᠢᠯᠠᠭᠳᠠᠵᠤ᠂ ᠣᠪᠠᠰᠢ ᠳᠤᠷ ᠭᠦᠷᠴᠤ ᠢᠷᠡᠭᠡᠤᠨ ᠮᠦᠨ ᠳᠡᠭᠦᠨ ᠤ ᠠᠢ᠌ᠮᠠᠭ ᠶᠢᠡᠨ ᠭᠤᠷᠯᠤᠰ ᠭᠡᠮᠡᠨ ᠨᠡᠷᠡᠢ᠌ᠦᠡᠴᠦᠭᠦᠢ ᠭᠡᠰᠡᠨ ᠪᠠᠢ᠌ᠨ᠎ᠠ᠃ ᠡᠨᠡ ᠨᠢ ᠭᠦᠢ ᠮᠥᠩᠭᠡ ᠳᠠᠰᠬᠠᠷ᠎ᠠ ᠶᠢᠨ ᠠᠬᠠᠮᠠᠤᠨ ᠭᠦᠪᠠᠭᠦᠨ ᠪᠣᠳᠢᠳᠠᠷᠠ ᠵᠤᠷᠬᠤᠯ ᠤᠨ ᠶᠡᠭᠡ ᠬᠠᠳᠤᠨ ᠵᠢᠭᠡᠯᠡᠨ ᠡᠴᠡ ᠳᠦᠷᠦᠭ᠍ᠰᠡᠨ ᠣᠪᠠᠰᠢ ᠣᠤᠠᠬᠤᠨ ᠨᠤᠨ ᠬᠤᠷᠴᠢᠨ ᠬᠠᠷᠢᠶᠠᠳᠤ ᠠᠢ᠌ᠮᠠᠭ ᠢᠷᠭᠡᠨ ᠡᠴᠡ ᠭᠤᠷᠯᠤᠰ ᠶᠢᠡᠷ ᠭᠤᠤᠯᠯᠠᠭᠰᠠᠨ ᠡᠷᠦᠭᠡ ᠠᠮᠠ ᠶᠢ ᠬᠤᠪᠢᠶᠠᠨ ᠣᠯᠤᠭᠰᠠᠨ ᠢ ᠬᠠᠷᠠᠭᠤᠯᠵᠠᠢ᠃ 《ᠮᠠᠠᠵᠤ ᠬᠠᠭᠤᠴᠢᠨ ᠳᠠᠩᠰᠠ》 ᠳᠤ ᠳᠡᠮᠳᠡᠭᠯᠡᠭᠦ ᠪᠠᠷ᠂ ᠨᠤᠨ ᠬᠤᠷᠴᠢᠨ ᠤ ᠲᠦᠰᠢᠶᠠᠳᠤ ᠬᠠᠭᠠᠨ ᠣᠤᠪᠠ ᠶᠢᠨ ᠨᠤᠳᠤᠭ ᠬᠤᠷᠴᠢᠠᠴᠤᠳ ᠤᠨ ᠬᠠᠮᠤᠭ ᠤᠨ ᠠᠷᠤ ᠪᠣᠶᠤ ᠪᠠᠷᠠᠭᠤᠨ ᠳᠠᠯ᠎ᠠ ᠪᠠᠷ ᠳᠠᠷᠬᠠᠵᠤ᠂ ᠭᠤᠷᠯᠤᠰ᠂ ᠵᠠᠯᠠᠢ᠌ᠳ ᠤᠨ ᠳᠤᠯᠤᠭᠠᠨ ᠳᠠᠢ᠌ᠵᠢ ᠪᠠ ᠳᠠᠷᠬᠠᠨ ᠳᠠᠢ᠌ᠵᠢ (ᠳᠦᠷᠪᠠᠤᠨ ᠤᠨ ᠠᠳᠤᠭᠤᠴᠢ ᠳᠠᠷᠬᠠᠨ ᠳᠠᠢ᠌ᠵᠢ ᠶᠢ ᠵᠢᠭᠠᠵᠤ ᠪᠣᠢ) ᠶᠢᠨ ᠭᠦᠪᠠᠭᠦᠤᠨ ᠤᠨ ᠨᠤᠳᠤᠭ ᠣᠤᠪᠠ ᠶᠢᠨ ᠨᠤᠳᠤᠭ ᠡᠴᠡ ᠵᠡᠭᠦᠡᠰᠢ ᠳᠠᠷᠬᠠᠵᠤ ᠪᠠᠢ᠌ᠵᠠᠢ᠃ 17 ᠳ᠋ᠤᠭᠠᠷ ᠵᠠᠭᠤᠨ ᠤ ᠳᠦᠷᠦᠭᠦᠤ ᠬᠠᠭᠠᠰ ᠤᠨ ᠮᠤᠩᠭ᠋ᠤᠯ ᠮᠠᠠᠵᠤ ᠦᠯᠠᠳᠠᠮᠠᠯ ᠰᠤᠷᠪᠣᠯᠵᠢᠰ ᠲᠤ᠂ ᠣᠤᠪᠠ ᠬᠤᠩ ᠳᠠᠢ᠌ᠵᠢ ᠶᠢᠨ ᠰᠠᠭᠤᠭᠰᠠᠨ ᠬᠤᠳᠠ ᠶᠢ 《ᠳᠠᠭᠤᠷ ᠭᠡᠯᠴᠡᠷᠡᠭᠦ》 (ᠤᠳᠤ ᠶᠢᠨ ᠳᠦᠷᠪᠡᠤᠨ ᠤᠨ ᠮᠤᠩᠭ᠋ᠤᠯ ᠦᠨᠳᠦᠰᠦᠳᠠᠨ ᠤ ᠥᠪᠠᠷᠳᠡᠭᠡᠨ ᠵᠠᠰᠠᠬᠤ ᠰᠢᠶᠠᠨ ᠤ ᠲᠦᠪ ᠲᠡᠶ ᠺᠠᠩ ᠪᠠᠯᠭᠠᠰᠤᠨ ᠡᠴᠡ120 ᠭᠠᠵᠠᠷ ᠤᠨ ᠬᠤᠯᠠ ᠪᠣᠢ) ᠭᠡᠳᠡᠭ᠌᠂ ᠡᠨᠡ ᠬᠤᠳᠠ ᠨᠢ ᠨᠤᠨ ᠮᠦᠷᠠᠨ ᠤ ᠵᠡᠭᠦᠨ ᠭᠦᠪᠠᠭᠡᠨ ᠡᠴᠡ ᠣᠢ᠌ᠷᠠᠯᠴᠠᠭ᠎ᠠ ᠪᠠᠢ᠌ᠭᠰᠠᠨ ᠪᠣᠰᠤ᠂ ᠴᠢᠩ ᠣᠯᠤᠰ ᠤᠨ ᠦᠶ᠎ᠡ ᠶᠢᠨ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤ (ᠲ᠋ᠦᠰᠢᠶᠠᠳᠤ ᠬᠤᠰᠢᠭᠤ) ᠵᠢᠨ ᠵᠠᠰᠠᠭ ᠰᠠᠭᠤᠭᠰᠠᠨ ᠪᠠᠶᠠᠨ ᠬᠤᠰᠢᠭᠤ ᠪᠢᠰᠢ᠂ ᠮᠦᠨ ᠭᠢᠷᠢᠨ ᠮᠤᠵᠢ ᠶᠢᠨ ᠨᠦᠩ ᠠᠨ ᠰᠢᠶᠠᠨ ᠤ ᠣᠢ᠌ᠷ᠎ᠠ ᠪᠠᠢ᠌ᠭᠰᠠᠨ ᠦᠭᠡᠶ᠂ ᠬᠠᠷᠢᠨ ᠮᠢᠩᠭ᠋ᠠᠨ ᠳᠠᠷᠬᠠᠨ ᠨᠤᠶᠠᠨ ᠤ ᠭᠦᠪᠠᠭᠦᠤᠨ ᠤᠨ ᠨᠤᠳᠤᠭ ᠵᠠᠷᠤᠭᠤᠳ ᠤᠨ ᠠᠷᠤ ᠳᠠᠯ᠎ᠠ ᠶᠢ ᠳᠠᠭᠠᠵᠤ ᠪᠠᠢ᠌ᠵᠠᠢ᠃ ᠨᠤᠨ ᠬᠤᠷᠴᠢᠨ ᠤ ᠨᠤᠳᠤᠭ ᠨᠢ ᠬᠠᠢ᠌ᠰᠢ ᠵᠦᠷᠴᠢᠨ ᠤ ᠶᠡᠭᠡᠭᠡ᠂ ᠣᠯᠠ᠂ ᠬᠠᠳᠠ᠂ ᠬᠣᠢ᠌ᠧᠨ ᠶᠢᠨ ᠨᠤᠳᠤᠭ ᠡᠴᠡ ᠣᠢ᠌ᠷᠠᠯᠴᠠᠭ᠎ᠠ ᠪᠠᠢ᠌ᠵᠤ᠂ 1593 ᠣᠨ ᠳᠤ ᠶᠡᠭᠡᠭᠡ ᠠᠢ᠌ᠮᠠᠭ ᠤᠨ ᠪᠦᠵᠡᠢ᠂ ᠨᠠᠷᠢᠮᠪᠣᠯᠤ (ᠨᠢᠭᠡ ᠲᠦᠮᠡᠨ ᠴᠡᠷᠢᠭ᠌ ᠳᠠᠢ)᠂ ᠬᠠᠳᠠ ᠣᠯᠤᠰ ᠤᠨ ᠮᠥᠩᠭᠡᠪᠦᠯᠤ᠂ ᠣᠯᠠ ᠠᠢ᠌ᠮᠠᠭ ᠤᠨ ᠪᠣᠵᠠᠠᠳᠠᠢ᠂ ᠬᠣᠢ᠌ᠧᠨ ᠠᠢ᠌ᠮᠠᠭ ᠤᠨ ᠪᠠᠢ᠌ᠠᠳᠠᠷᠢ (ᠲ᠋ᠡᠭᠡᠷᠡᠭᠢ ᠭᠤᠷᠪᠠᠨ ᠠᠢ᠌ᠮᠠᠭ ᠤᠨ ᠭᠤᠷᠪᠠᠨ ᠨᠤᠶᠠᠨ ᠲᠦᠮᠡᠨ ᠴᠡᠷᠢᠭ᠌ ᠳᠠᠢ)᠂ ᠮᠤᠩᠭ᠋ᠤᠯ ᠤᠨ ᠬᠤᠷᠴᠢᠨ ᠠᠢ᠌ᠮᠠᠭ ᠤᠨ ᠣᠩᠭ᠋ᠤᠳᠠᠢ᠂ ᠮᠠᠩᠭ᠋ᠤᠰ᠂ ᠮᠢᠩᠭ᠋ᠠᠨ ᠪᠠ ᠳᠠᠳᠠᠨᠠᠷ ᠤᠨ ᠬᠠᠷᠢᠶᠠᠳᠤ ᠰᠢᠪᠠᠭᠡ᠂ ᠬᠤᠤᠯᠴᠢᠨ (ᠬᠤᠷᠴᠢᠨ᠂ ᠰᠢᠪᠠᠭᠡ᠂ ᠬᠤᠤᠯᠴᠢᠨ ᠤ ᠴᠡᠷᠢᠭ᠌ ᠨᠢᠭᠡ ᠲᠦᠮᠡᠨ)᠂ ᠴᠠᠩ ᠪᠠᠢ ᠱᠠᠨ ᠤ ᠵᠦᠱᠠᠷᠢ ᠮᠤᠵᠢ ᠶᠢᠨ ᠡᠵᠡᠨ ᠶ‍ᠥᠯᠡᠩᠭᠡ᠂ ᠨᠠᠶ‍ᠢᠨ ᠮᠤᠵᠢ ᠶᠢᠨ ᠡᠵᠡᠨ ᠰᠡᠭ᠍ᠰᠢ ᠵᠡᠷᠭᠡ ᠨᠤᠶᠠᠤᠨ ᠶ‍ᠢᠰᠤᠨ ᠠᠢ᠌ᠮᠠᠭ ᠤᠨ ᠭᠤᠷᠪᠠᠨ ᠲᠦᠮᠡᠨ ᠴᠡᠷᠢᠭ᠌ ᠢ ᠳᠠᠢ᠌ᠴᠢᠯᠠᠨ ᠨᠤᠷᠬᠠᠴᠢ ᠶᠢ ᠳᠠᠢ᠌ᠯᠠᠪᠠ᠃ ᠳᠡᠦᠭᠡᠨ ᠳᠡᠭᠡᠷ᠎ᠡ ᠡᠭᠦᠨ ᠢ ᠪᠠᠨ 《ᠶ‍ᠢᠰᠤᠨ ᠠᠢ᠌ᠮᠠᠭ ᠤᠨ ᠬᠤᠯᠪᠣᠭᠠᠳᠤ ᠴᠡᠷᠢᠭ᠌ ᠨᠤᠷᠬᠠᠴᠢ ᠶᠢ ᠳᠠᠢ᠌ᠯᠠᠭᠰᠠᠨ》 ᠭᠡᠳᠡᠭ᠌᠃ ᠳᠤᠰ ᠳᠠᠢ᠌ᠨ ᠳᠤ ᠣᠷᠤᠯᠴᠠᠭᠰᠠᠨ ᠬᠤᠷᠴᠢᠨ ᠤ ᠣᠩᠭ᠋ᠤᠳᠠᠢ (ᠭᠦᠢ ᠮᠥᠩᠭᠡ ᠳᠠᠰᠬᠠᠷ᠎ᠠ ᠨᠤᠶᠠᠨ ᠤ ᠠᠬᠠᠮᠠᠤᠨ ᠭᠦᠪᠠᠭᠦᠨ ᠊᠊᠊᠊᠊᠊᠊᠊᠊᠊᠊᠊᠊᠊᠊ ᠠᠬᠠᠮᠠᠤᠨ ᠭᠦᠪᠠᠭᠦᠨ ᠪᠣᠳᠢᠳᠠᠷᠠ ᠵᠤᠷᠬᠤᠯ ᠊᠊᠊᠊᠊᠊᠊᠊᠊᠊᠊᠊᠊᠊᠊ ᠠᠬᠠᠮᠠᠤᠨ ᠭᠦᠪᠠᠭᠦᠨ ᠴᠡᠴᠡᠭᠡᠢ ᠪᠠᠭᠠᠳᠤᠷ ᠊᠊᠊᠊᠊᠊᠊᠊᠊᠊᠊᠊᠊᠊᠊ ᠠᠬᠠᠮᠠᠤᠨ ᠭᠦᠪᠠᠭᠦᠨ ᠣᠩᠭ᠋ᠤᠳᠠᠢ) ᠪᠣᠯ ᠠᠬᠠᠮᠠᠤᠨ ᠭᠦᠪᠠᠭᠦᠨ ᠤ ᠶᠤᠰᠤ ᠪᠠᠷ ᠨᠤᠨ ᠬᠤᠷᠴᠢᠨ ᠠᠢ᠌ᠮᠠᠭ ᠢ ᠵᠠᠭᠢᠷᠤᠭᠰᠠᠨ ᠬᠤᠩ ᠪᠠᠭᠠᠳᠤᠷ ᠴᠤᠯᠠ ᠲᠡᠶ ᠪᠦᠭᠦᠳᠡ ᠶᠢᠨ ᠨᠤᠶᠠᠨ ᠮᠦᠨ᠃ ᠮᠠᠩᠭ᠋ᠤᠰ ᠪᠣᠯ ᠨᠤᠨ ᠬᠤᠷᠴᠢᠨ ᠤ ᠬᠤᠶᠠᠳᠤᠭᠠᠷ ᠶᠡᠭᠡ ᠨᠤᠶᠠᠨ᠂ ᠮᠦᠨ ᠵᠠᠷᠭᠤᠴᠢ ᠨᠤᠶᠠᠨ᠃ ᠮᠢᠩᠭ᠋ᠠᠨ (ᠮᠠᠩᠭ᠋ᠤᠰ ᠤᠨ ᠳᠡᠭᠦᠤ) ᠪᠣᠯ ᠳᠠᠷᠬᠠᠨ ᠪᠠᠭᠠᠳᠤᠷ ᠴᠤᠯᠠ ᠲᠡᠶ ᠨᠤᠨ ᠬᠤᠷᠴᠢᠨ ᠤ ᠶᠡᠭᠡ ᠨᠤᠶᠠᠨ᠃ ᠡᠭᠦᠨ ᠳᠤ ᠣᠪᠠᠰᠢ ᠶᠢᠨ ᠡᠵᠡᠯᠡᠭ᠍ᠰᠡᠨ ᠭᠤᠷᠯᠤᠰ ᠠᠢ᠌ᠮᠠᠭ ᠨᠢ ᠭᠤᠤᠯ ᠪᠠᠢ᠌ᠯᠳᠤᠭᠠᠨ ᠤ ᠳᠠᠯᠠᠪᠣᠷ ᠭᠦᠷᠡ ᠠᠭᠤᠯᠠᠨ (ᠣᠳᠤ ᠶᠢᠨ ᠯᠢᠶᠤᠤᠨᠢᠩ ᠮᠤᠵᠢ ᠶᠢᠨ ᠰᠢᠨ ᠪᠢᠨ ᠮᠠᠠᠵᠤ ᠦᠨᠳᠦᠰᠦᠳᠠᠨ ᠤ ᠥᠪᠠᠷᠳᠡᠭᠡᠨ ᠵᠠᠰᠠᠬᠤ ᠰᠢᠶᠠᠨ ᠤ ᠱᠠᠩ ᠵᠢᠶᠠ ᠡᡁᠧ ᠪᠠᠯᠭᠠᠰᠤᠨ ᠤ ᠱᠸᠩ ᠯᠢ ᠳᠤᠰᠬᠤᠨ ᠤ ᠣᠢ᠌ᠷᠠᠯᠴᠠᠭ᠎ᠠ ᠪᠣᠢ) ᠡᠴᠡ ᠬᠤᠯᠠ ᠪᠠᠢ᠌ᠭᠰᠠᠨ ᠡᠴᠡ ᠳᠠᠢ᠌ᠨ ᠳᠤ ᠣᠷᠤᠯᠴᠠᠭᠰᠠᠨ ᠦᠭᠡᠶ᠃ ᠣᠴᠢᠷ ᠨᠢ ᠳᠤᠬᠠᠢ ᠶᠢᠨ ᠦᠶᠡᠰ ᠨᠤᠨ ᠬᠤᠷᠴᠢᠨ ᠠᠢ᠌ᠮᠠᠭ ᠨᠢ ᠵᠡᠭᠦᠨ ᠪᠠᠷᠠᠭᠤᠨ ᠬᠤᠶᠠᠷ ᠭᠠᠷ ᠪᠣᠯᠤᠨ ᠬᠤᠪᠢᠶᠠᠭᠳᠠᠵᠤ᠂ ᠭᠤᠤᠯᠳᠠᠭᠤ ᠪᠣᠳᠢᠳᠠᠷᠠ ᠵᠤᠷᠬᠤᠯ ᠨᠤᠶᠠᠨ ᠤ ᠭᠤᠤᠯ ᠬᠠᠳᠤᠨ ᠡᠴᠡ ᠳᠦᠷᠦᠭ᠍ᠰᠡᠨ ᠴᠡᠴᠡᠭᠡᠢ ᠪᠠᠭᠠᠳᠤᠷ᠂ ᠨᠠᠮᠤᠰᠢ ᠳᠤᠷᠠᠯ ᠤᠨ ᠬᠣᠢ᠌ᠴᠢᠰ ᠨᠤᠨ ᠬᠤᠷᠴᠢᠨ ᠠᠢ᠌ᠮᠠᠭ ᠤᠨ ᠪᠠᠷᠠᠭᠤᠨ ᠭᠠᠷ ᠢ ᠵᠠᠭᠢᠷᠤᠨ᠂ ᠪᠣᠳᠢᠳᠠᠷᠠ ᠵᠤᠷᠬᠤᠯ ᠤᠨ ᠭᠤᠤᠯ ᠬᠠᠳᠤᠨ ᠡᠴᠡ ᠳᠦᠷᠦᠭ᠍ᠰᠡᠨ ᠣᠪᠠᠰᠢ ᠪᠠ ᠳᠡᠭᠦᠨ ᠤ ᠬᠣᠢ᠌ᠴᠢᠰ ᠪᠣᠰᠤᠳ ᠬᠠᠳᠤᠨ ᠡᠴᠡ ᠳᠦᠷᠦᠭ᠍ᠰᠡᠨ ᠬᠣᠢ᠌ᠴᠢᠰ ᠢ ᠠᠬᠠᠯᠠᠨ ᠨᠤᠨ ᠬᠤᠷᠴᠢᠨ ᠤ ᠵᠡᠭᠦᠨ ᠭᠠᠷ ᠢ ᠵᠠᠭᠢᠷᠴᠤ ᠪᠠᠢ᠌ᠵᠠᠢ᠃ ᠬᠠᠷᠢᠨ ᠵᠠᠷᠢᠮ ᠳᠡᠦᠭᠡᠴᠢᠳ ᠡᠴᠡ ᠬᠤᠤᠯᠴᠢᠨ ᠢ ᠭᠤᠷᠯᠤᠰ ᠭᠡᠮᠡᠨ ᠡ᠊ᠨᠳᠡᠭᠦᠷᠡᠳᠡᠭ᠌ ᠪᠣᠢ᠂ ᠬᠠᠮᠢᠶ᠎ᠠ ᠪᠦᠭᠦᠢ ᠮᠠᠲ᠋ᠸᠷᠢᠶᠠᠯ ᠳᠤ ᠰᠢᠪᠠᠭᠡ᠂ ᠬᠤᠤᠯᠴᠢᠨ ᠢ ᠬᠤᠷᠴᠢᠨ ᠤ ᠡᠷᠭᠡᠰᠢᠶᠡᠯ ᠳ᠋ᠠᠭᠢ ᠵᠦᠷᠴᠢᠨ ᠠᠢ᠌ᠮᠠᠭ ᠭᠡᠵᠤ ᠳᠡᠮᠳᠡᠭᠯᠡᠭ᠍ᠰᠡᠨ ᠡᠴᠡ ᠳᠤᠤᠷ᠎ᠠ ᠨᠠᠷᠢᠨ ᠥᠭᠦᠯᠡᠭᠦ ᠶᠢ ᠪᠠᠢ᠌ᠶ᠎ᠠ᠃

1636 ᠣᠨ ᠤ ᠳᠦᠷᠪᠡᠨ ᠰᠠᠷ᠎ᠠ ᠳᠤ ᠮᠠᠠᠵᠤ ᠶᠢᠨ ᠬᠤᠩ ᠳᠠᠢ᠌ᠵᠢ ᠮᠤᠩᠭ᠋ᠤᠯ᠂ ᠮᠠᠠᠵᠤ᠂ ᠭᠢᠳᠠᠤᠨ ᠢᠵᠠᠭᠤᠷᠳᠠᠤᠨ ᠳᠤ 《ᠪᠣᠭᠳᠠ ᠰᠠᠴᠠᠨ ᠬᠠᠭᠠᠨ》 ᠭᠡᠮᠡᠨ ᠡᠷᠭᠦᠮᠵᠢᠯᠡᠭᠳᠡᠵᠤ᠂ ᠣᠯᠤᠰ ᠤᠨ ᠴᠤᠯᠠ ᠪᠠᠨ 《ᠳᠡᠢ᠌ᠴᠢᠩ》 ᠭᠡᠵᠤ᠂ ᠣᠨ ᠤ ᠴᠤᠯᠠ ᠪᠠᠨ 《ᠳᠡᠭᠡᠳᠤ ᠡᠷᠳᠡᠮᠳᠤ》 ᠭᠡᠮᠡᠨ ᠬᠠᠯᠠᠪᠠ᠃ 1648 ᠣᠨ ᠪᠣᠯᠬᠤ ᠳᠤ ᠨᠤᠨ ᠬᠤᠷᠴᠢᠨ ᠠᠢ᠌ᠮᠠᠭ ᠨᠢ ᠠᠷᠪᠠᠨ ᠬᠤᠰᠢᠭᠤ ᠬᠤᠪᠢᠶᠠᠭᠳᠠᠵᠤ᠂ ᠣᠪᠠᠰᠢ ᠶᠢᠨ ᠡᠵᠡᠯᠡᠭ᠍ᠰᠡᠨ ᠭᠤᠷᠯᠤᠰ ᠠᠢ᠌ᠮᠠᠭ ᠨᠢ ᠭᠤᠷᠯᠤᠰ ᠤᠨ ᠡᠮᠦᠨᠡᠳᠤ᠂ ᠬᠣᠢ᠌ᠳᠤ ᠬᠤᠶᠠᠷ ᠬᠤᠰᠢᠭᠤ ᠪᠣᠯᠵᠤ᠂ ᠭᠤᠷᠯᠤᠰ ᠤᠨ ᠡᠮᠦᠨᠡᠳᠤ ᠬᠤᠰᠢᠭᠤ ᠶᠢᠨ ᠠᠩᠬᠠᠨ ᠤ ᠵᠠᠰᠠᠭ ᠨᠤᠶᠠᠨ ᠨᠢ ᠺᠦᠢᠮᠤ ᠬᠠᠳᠠᠨ ᠪᠠᠭᠠᠳᠤᠷ (ᠣᠪᠠᠰᠢ ᠣᠤᠠᠬᠤᠨ ᠨᠤᠶᠠᠨ ᠊᠊᠊᠊᠊᠊᠊᠊᠊᠊᠊᠊᠊᠊᠊ ᠠᠬᠠᠮᠠᠤᠨ ᠭᠦᠪᠠᠭᠦᠨ ᠨᠠᠢ᠌ᠴᠢ ᠪᠣᠶᠠᠠᠳᠤ ᠨᠤᠶᠠᠨ ᠊᠊᠊᠊᠊᠊᠊᠊᠊᠊᠊᠊᠊᠊᠊ ᠭᠤᠷᠪᠠᠳᠤᠭᠠᠷ ᠭᠦᠪᠠᠭᠦᠨ ᠺᠦᠢᠮᠤ)᠂ ᠭᠤᠷᠯᠤᠰ ᠤᠨ ᠬᠣᠢ᠌ᠳᠤ ᠬᠤᠰᠢᠭᠤ ᠶᠢᠨ ᠠᠩᠬᠠᠨ ᠤ ᠵᠠᠰᠠᠭ ᠨᠤᠶᠠᠨ ᠨᠢ ᠪᠣᠮᠪᠠ ᠢᠯᠳᠠᠩ ᠨᠤᠶᠠᠨ (ᠣᠪᠠᠰᠢ ᠣᠤᠠᠬᠤᠨ ᠨᠤᠶᠠᠨ ᠊᠊᠊᠊᠊᠊᠊᠊᠊᠊᠊᠊᠊᠊᠊ ᠬᠤᠶᠠᠳᠤᠭᠠᠷ ᠭᠦᠪᠠᠭᠦᠨ ᠮᠠᠩᠭ᠋ᠤ ᠮᠡᠷᠭᠡᠨ ᠨᠤᠶᠠᠨ ᠊᠊᠊᠊᠊᠊᠊᠊᠊᠊᠊᠊᠊᠊᠊ ᠠᠬᠠᠮᠠᠤᠨ ᠭᠦᠪᠠᠭᠦᠨ ᠪᠣᠮᠪᠠ) ᠪᠣᠯᠪᠠ᠃


ᠠᠰᠢᠭᠯᠠᠭᠰᠠᠨ ᠨᠤᠮ ᠮᠠᠲ᠋ᠸᠷᠢᠶᠠᠯ᠄

1᠂ ᠪᠠᠶᠠᠷ 《ᠮᠤᠩᠭ᠋ᠤᠯ ᠤᠨ ᠨᠢᠭᠤᠴᠠ ᠳᠤᠪᠴᠢᠶᠠᠨ》 (ᠲ᠋ᠤᠤᠷᠠᠳᠤ) ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ 1981 ᠣᠨ

2᠂ ᠷᠠᠰᠢᠳ᠋ ᠠᠳᠢᠳᠢᠨ 《ᠳᠡᠦᠭᠡᠰ ᠤᠨ ᠴᠢᠭᠤᠯᠭᠠᠨ》 (ᠨᠢᠭᠡᠳᠦᠭᠡᠷ ᠪᠣᠳᠢ) ᠱᠠᠩ ᠡᠤ ᠭᠡᠪᠯᠡᠯ ᠤᠨ ᠬᠤᠷᠢᠶ᠎ᠠ 1983 ᠣᠨ

3᠂ 《ᠬᠠᠤᠨ ᠤᠨ ᠦᠨᠳᠦᠰᠦᠨ ᠤ ᠬᠤᠷᠢᠶᠠᠩᠭ᠋ᠤᠢ ᠠᠯᠳᠠᠨ ᠳᠤᠪᠴᠢ》 ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ 1989 ᠣᠨ

4᠂ ᠯᠤᠪᠰᠠᠩᠳᠠᠠᠵᠢᠨ 《ᠠᠯᠳᠠᠨ ᠳᠤᠪᠴᠢ》

5᠂ ᠰᠠᠭᠠᠩ ᠰᠠᠴᠠᠨ 《ᠡᠷᠳᠡᠨᠢ ᠶᠢᠨ ᠳᠤᠪᠴᠢ》 ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ 1980 ᠣᠨ

6᠂ ᠳ᠋ᡁᠷᠠᠮ᠎ᠠ ᠭᠦᠦᠰᠢ 《ᠠᠯᠳᠠᠨ ᠭᠦᠷᠳᠤᠨ ᠮᠢᠩᠭ᠋ᠠᠨ ᠭᠡᠭᠡᠰᠦᠳᠤ》 ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ 1986 ᠣᠨ

7᠂ 《ᠬᠠᠭᠤᠴᠢᠨ ᠮᠠᠠᠵᠤ ᠳᠠᠩᠰᠠ》

8᠂ ᠬᠤᠷᠴᠠ᠂ ᠴᠠᠩ ᠮᠢᠩ 《ᠬᠤᠷᠴᠢᠨ ᠳᠤᠪᠴᠢᠶᠠᠨ》 ᠦᠨᠳᠦᠰᠦᠳᠠᠨ ᠤ ᠭᠡᠪᠯᠡᠯ ᠤᠨ ᠬᠤᠷᠢᠶ᠎ᠠ 2001 ᠣᠨ

9᠂ ᠤᠶ‍ᠦᠡᠪᠢᠯᠢᠭ᠌᠂ ᠪᠠᠯᠵᠢᠨᠢᠮ᠎ᠠ 《ᠲᠦᠰᠢᠶᠠᠳᠤ ᠬᠠᠨ ᠊᠊᠊᠊᠊᠊᠊᠊᠊᠊᠊᠊᠊᠊᠊ ᠣᠤᠪᠠ ᠶᠢᠨ ᠨᠠᠮᠳᠠᠷ》 ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ 2009 ᠣᠨ

10᠂ ᠪᠣᠷᠵᠢᠭᠢᠨ ᠮᠦᠩᠭᠦᠡᠳᠡᠯᠡᠢ ᠶᠢᠨ ᠬᠠᠷᠭᠤᠭᠤᠯᠤᠭᠰᠠᠨ 《ᠵᠠᠷᠯᠢᠭ ᠶᠢᠡᠷ ᠳᠤᠭᠳᠠᠭᠠᠭᠰᠠᠨ ᠭᠠᠳᠠᠭᠠᠳᠤ ᠮᠤᠩᠭ᠋ᠤᠯ ᠬᠤᠳᠤᠩ ᠠᠢ᠌ᠮᠠᠭ ᠤᠨ ᠸᠠᠩ ᠭᠦᠩ ᠤᠨ ᠢᠯᠡᠳᠭᠡᠯ ᠱᠠᠰᠳᠢᠷ》 ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ 2006 ᠣᠨ

11᠂ ᠵᠠᠩ ᠮᠤ 《ᠮᠤᠩᠭ᠋ᠤᠯ ᠤᠨ ᠬᠤᠰᠢᠭᠤ ᠨᠤᠳᠤᠭ ᠤᠨ ᠳᠡᠮᠳᠡᠭᠯᠡᠯ》 ᠦᠨᠳᠦᠰᠦᠳᠠᠨ ᠤ ᠭᠡᠪᠯᠡᠯ ᠤᠨ ᠬᠤᠷᠢᠶ᠎ᠠ 1992 ᠣᠨ

12᠂ ᠡᠯᠳᠡᠩᠳᠡᠢ (ᠴᠢᠩ) ᠯᠢ ᠰᠢᠶᠦ᠋ᠨ᠂ ᠵᠤᠤ ᠳ᠋ᠧ ᠭᠦᠢ ᠬᠠᠷᠭᠤᠭᠤᠯᠤᠭᠰᠠᠨ 《ᠮᠠᠠᠵᠤ ᠶᠢᠨ ᠨᠢ᠋ᠮᠠᠨ ᠬᠤᠰᠢᠭᠤᠨ ᠤ ᠪᠦᠷᠢᠨ ᠳᠡᠦᠭᠡ》 ᠵᠡᠭᠦᠨ ᠬᠤᠢ᠌ᠳᠤ ᠶᠢᠨ ᠪᠠᠭᠰᠢ ᠶᠢᠨ ᠶᠡᠭᠡ ᠰᠤᠷᠭᠠᠭᠤᠯᠢ ᠶᠢᠨ ᠭᠡᠪᠯᠡᠯ ᠤᠨ ᠬᠤᠷᠢᠶ᠎ᠠ 1985 ᠣᠨ

13᠂ ᠮᠡᠷᠭᠡᠨ ᠭᠡᠭᠡᠨ 《ᠠᠯᠳᠠᠨ ᠳᠤᠪᠴᠢ》 ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ 1998 ᠣᠨ


ᠵᠤᠬᠢᠶᠠᠭᠴᠢ ᠶᠢᠨ ᠬᠠᠶ‍ᠢᠭ ᠄ ᠭᠤᠷᠯᠤᠰ


ᠵᠤᠬᠢᠶᠠᠭᠴᠢ᠄ ᠲᠥᠪᠰᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7557
ᠴᠠᠭ᠄ 2010 ᠤᠨ ᠤ 11 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ