ᠨᠡᠪᠲᠡᠷᠡᠨ ᠤᠷᠤᠬᠤ
《ᠭᠠᠴᠢᠭᠳᠠᠯ》

ᠭᠠᠴᠢᠭᠳᠠᠯ ᠤᠨ ᠵᠤᠪᠠᠭᠤᠷᠢ ᠪᠠᠷ ᠣᠷᠢᠶᠠᠯᠭᠠᠵᠤ

ᠭᠠᠭᠴᠠ ᠬᠤᠶᠠᠷ ᠳᠤᠰᠤᠯ ᠨᠢᠯᠪᠣᠰᠤ ᠲᠡᠶ ᠶᠠᠪᠣᠭ᠎ᠠ ᠴᠠᠭ ᠳᠤ

ᠭᠠᠷ ᠶᠢᠡᠨ ᠳᠡᠯᠭᠡᠨ ᠳᠤᠰᠠᠯᠠᠵᠤ ᠳᠡᠮᠵᠢᠭᠦ ᠨᠢ ᠴᠥᠭᠡᠷᠡᠵᠤ

ᠭᠠᠳᠠᠨ᠎ᠠ ᠪᠠᠨ ᠮᠡᠳᠡᠭ᠍ᠳᠡᠯ ᠦᠭᠡᠶ ᠳᠤᠳᠤᠷ᠎ᠠ ᠪᠠᠨ ᠵᠢᠭ᠍ᠰᠢᠳᠡᠭ᠌ ᠨᠢ ᠣᠯᠠᠰᠢᠷᠠᠨ᠎ᠠ

ᠭᠦᠮᠤᠨ ᠨᠢ ᠭᠦᠮᠤᠨ ᠤ ᠪᠠᠨ ᠪᠠᠷ᠎ᠠ ᠪᠠᠷ ᠣᠷᠴᠢᠵᠤ ᠡᠷᠭᠢᠭᠦ ᠨᠡᠢ᠌ᠭᠡᠮ ᠳ᠋ᠤ

ᠠᠮᠢᠳᠤᠷᠠᠯ ᠳᠤ ᠠᠳᠠᠯᠠᠭᠳᠠᠬᠤ ᠨᠢ ᠪᠠᠭᠠᠳᠠᠵᠤ

ᠠᠮᠢᠳᠤᠷᠠᠯ ᠢ ᠠᠳᠠᠯᠠᠬᠤ ᠨᠢ ᠶᠡᠭᠡ ᠪᠣᠯᠵᠠᠢ ᠳ᠋ᠠ ᠪᠢ

ᠵᠡᠭᠡᠯᠢ ᠪᠠᠷ ᠶᠡᠭᠦᠷᠡᠭᠦ ᠭᠦᠮᠦᠰ ᠡᠴᠡ ᠵᠢᠷᠦᠭᠡᠰᠢᠶᠡᠨ ᠵᠢᠭ᠍ᠰᠢᠨ ᠵᠠᠢ᠌ᠳᠠᠵᠤ

ᠵᠠᠮ ᠳᠤ ᠡᠰᠡᠷᠭᠦᠯᠡᠭᠦ ᠳᠠᠨᠢᠯ ᠡᠴᠡ ᠪᠣᠯᠳᠠᠨ ᠵᠠᠢ᠌ᠯᠠᠨ ᠳᠤᠳᠠᠭᠠᠵᠤ

ᠵᠠᠬ᠎ᠠ ᠭᠦᠪᠠᠭᠡ ᠪᠠᠷ ᠨᠢ ᠳᠤᠭᠤᠷᠢᠭᠠᠤᠨ ᠪᠠᠢ᠌ᠶ᠎ᠠ ᠭᠡᠭᠦ ᠳᠤᠳᠤᠮ ᠶᠢᠡᠨ

ᠵᠠᠪᠠᠯ ᠴᠡᠭᠡᠯ ᠣᠷᠤᠭᠤ ᠨᠢ ᠵᠢᠦᠡᠭᠦᠭᠡᠳ ᠪᠠᠢ᠌ᠳᠠᠭ ᠣᠷᠴᠢᠯ ᠮᠢᠨᠢ

ᠵᠤᠪᠠᠯᠠᠩ ᠲᠡᠶ ᠭᠡᠵᠤ ᠭᠡᠯᠡᠭᠦ ᠳᠤ ᠵᠢᠷᠭᠠᠯ ᠭᠡᠳᠦᠷᠡᠭ᠍ᠰᠡᠨ ᠭᠠᠴᠢᠭᠳᠠᠯ

ᠵᠤᠭᠤᠰ ᠲᠡᠶ ᠪᠣᠯᠤᠶ᠎ᠠ ᠭᠡᠭᠦ ᠳᠤᠳᠤᠮ ᠶᠢᠡᠨ ᠥᠭᠡᠢ᠌ᠷᠡᠵᠤ ᠬᠤᠭᠤᠰᠤᠷᠠᠬᠤ ᠵᠤᠯᠢᠶ᠎ᠠ ᠁

ᠬᠤᠪᠴᠠᠰᠤᠨ ᠤ ᠰᠠᠢ᠌ᠬᠠᠨ ᠡᠴᠡ ᠨᠢ ᠡᠮᠦᠰᠴᠤ

ᠬᠤᠭᠤᠯᠠᠨ ᠤ ᠠᠮᠳᠠᠳᠠᠨ ᠡᠴᠡ ᠨᠢ ᠵᠤᠭᠤᠭᠯᠠᠵᠤ

ᠬᠤᠶᠠᠷᠬᠠᠨ ᠮᠥᠩᠭᠦᠨ ᠤ ᠪᠠᠨ ᠭᠦᠴᠤᠨ ᠳᠤ ᠳᠡᠭ᠍ᠷᠢ ᠳᠤᠯᠳᠠᠯ᠎ᠠ ᠡᠷᠳᠡᠢ᠌ᠵᠤ

ᠬᠤᠪᠢ ᠶᠢᠨ ᠥᠷᠦᠭᠡᠯ ᠤᠨ ᠢᠯᠭᠠᠯ ᠦᠭᠡᠶ ᠪᠠᠷᠢᠭᠠᠳᠠ ᠶᠢᠨ ᠭᠡᠰᠢᠭ᠌ ᠰᠢᠭ᠌ ᠭᠡᠢ᠌ᠰᠭᠡᠨ᠎ᠡ

ᠠᠷᠢᠭᠢᠨ ᠤ ᠮᠤᠬᠤᠯᠠᠭ ᠢ ᠠᠯᠢ ᠴᠠᠪᠠᠷ ᠡᠴᠡ ᠨᠢ ᠰᠤᠩᠭ᠋ᠤᠨ ᠶᠠᠩᠪᠠᠷᠬᠠᠵᠤ

ᠠᠬ᠎ᠠ ᠳᠡᠭᠦᠤ ᠶᠠᠪᠣᠯᠴᠠᠭᠠᠨ ᠤ ᠠᠷᠪᠠᠳᠤᠭᠤᠯᠠ ᠬᠤᠷᠢᠳᠤᠭᠤᠯᠠ ᠪᠠᠨ

ᠠᠯᠢᠮ᠎ᠠ ᠵᠢᠮᠢᠰ ᠰᠢᠭ᠌ ᠡᠡᠭ᠌ ᠤᠨ ᠶᠠᠭᠤᠮᠠᠨ ᠳᠤ ᠨᠢᠳᠤ ᠱᠥᠷᠭᠦᠯ ᠦᠭᠡᠶ ᠥᠩᠭᠡᠷᠡᠨ

ᠠᠯᠢ ᠦᠭᠡᠶ ᠬᠤᠪᠣᠷ ᠳ᠋ᠤᠨᠢ ᠬᠤᠷᠤᠬᠠᠢ᠌ᠳᠤᠵᠤ ᠪᠠᠭᠤᠨ᠎ᠠ

ᠠᠷᠪᠠᠳᠤ ᠵᠠᠭᠤᠳᠤ ᠶᠢ ᠠᠯᠠᠭᠠᠨ ᠤ ᠴᠢᠨᠡᠭᠡ ᠪᠠᠷ ᠪᠠᠷᠢᠨ᠎ᠠ

ᠠᠭᠤᠤ ᠣᠷᠴᠢᠯᠠᠩ ᠳᠤ ᠭᠦᠮᠤᠨ ᠪᠣᠯᠤᠭᠰᠠᠨ ᠠᠭᠤᠳᠠᠮᠴᠢ ᠪᠠᠨ ᠭᠠᠢ᠌ᠬᠠᠭᠤᠯᠤᠨ᠎ᠠ

ᠰᠢᠷ᠎ᠠ᠂ ᠬᠠᠷ᠎ᠠ᠂ ᠣᠯᠠᠭᠠᠨ ᠡᠴᠡ ᠨᠢ ᠰᠢᠯᠢᠵᠤ

ᠰᠢᠮ᠎ᠠ ᠶᠢᠨ ᠳᠡᠭᠡᠳᠤ ᠶᠠᠭᠤᠮ᠎ᠠ ᠪᠣᠯᠭᠠᠨ ᠵᠠᠯᠭᠢᠯᠠᠨ᠎ᠠ

ᠣᠤᠭᠤᠵᠤ ᠣᠤᠭᠤᠭᠰᠠᠭᠠᠷ ᠣᠯᠠᠭᠠᠨ ᠵᠡᠭᠡᠷᠳᠡ ᠪᠣᠯᠤᠨ᠎ᠠ

ᠣᠳᠠᠬᠤ ᠦᠭᠡᠶ ᠪᠠᠢ᠌ᠭᠰᠠᠭᠠᠷ ᠣᠯᠠᠭᠠᠨ ᠭᠠᠯᠵᠠᠭᠤ ᠪᠣᠯᠤᠨ᠎ᠠ

ᠣᠰᠤᠨ ᠤ ᠣᠷᠤᠰᠬᠠᠯ ᠰᠢᠭ᠌ ᠢᠯᠭᠤᠮ ᠮᠤᠩᠭ᠋ᠤᠯ ᠥᠭᠡ ᠪᠠᠨ

ᠣᠷᠠᠵᠤ ᠮᠠᠷᠠᠵᠤ ᠬᠤᠯᠢᠵᠤ ᠬᠤᠤᠠᠬᠤᠵᠤ ᠶᠠᠷᠢᠨ᠎ᠠ

ᠰᠠᠶ‍ᠢ ᠶᠢᠨ ᠭᠡᠯᠡᠭ᠍ᠰᠡᠨ ᠶᠢᠡᠨ ᠰᠠᠨᠠᠭᠠᠨ ᠳᠠᠪᠠ ᠪᠠᠷ ᠶᠢᠡᠨ ᠳᠠᠭᠢᠭᠠᠤᠨ ᠳᠠᠪᠳᠠᠨ᠎ᠠ

ᠰᠠᠭᠰᠠᠭᠤ ᠨᠢ ᠭᠡᠳᠦᠷᠡᠭᠡᠳ ᠪᠠᠷᠭᠢᠷᠠᠭᠠᠤᠨ ᠦᠵᠡᠨ᠎ᠠ᠂ ᠪᠠᠯᠪᠠᠭᠠᠤᠨ ᠴᠤ ᠳᠠᠭᠤᠰᠤᠨ᠎ᠠ

ᠳᠡᠭᠡᠭᠦ ᠳ᠋ᠤ

ᠰᠠᠷ᠎ᠠ ᠶᠢᠨ ᠴᠠᠯᠢᠩ ᠰᠠᠨᠠᠭᠠᠨ ᠡᠴᠡ ᠭᠠᠳᠠᠭᠤᠷ ᠬᠤᠭᠤᠰᠤᠷᠠᠵᠤ

ᠰᠠᠷ᠎ᠠ ᠶᠢᠨ ᠵᠤᠪᠠᠯᠠᠩ ᠳᠤ ᠰᠡᠳᠭᠢᠯ ᠶᠢᠡᠷ ᠣᠨᠠᠨ ᠡᠭᠢᠯᠡᠨ᠎ᠡ

ᠬᠤᠤᠷ ᠰᠢᠭ ᠶᠠᠭᠤᠮ᠎ᠠ ᠶᠢ ᠣᠰᠤ ᠰᠢᠭ ᠵᠠᠯᠭᠢᠯᠠᠵᠤ

ᠣᠬᠠᠭ᠎ᠠ ᠠᠯᠳᠠᠵᠤ ᠣᠨᠠᠨ ᠭᠦᠮᠤᠨ ᠡᠴᠡ ᠪᠠᠨ ᠭᠠᠷᠤᠭᠰᠠᠨ ᠤ ᠮᠠᠷᠭᠠᠰᠢ ᠨᠢ

ᠬᠤᠷᠤᠰᠤᠯ ᠭᠤᠨᠢᠭ ᠵᠦᠷᠢᠴᠠᠯᠳᠤᠵᠤ ᠰᠡᠳᠭᠢᠯ ᠶᠢᠡᠷ ᠳᠦᠭᠦᠷᠡᠩ ᠱᠤᠤᠭᠢᠯᠳᠤᠨ

ᠳᠤᠷᠭ᠎ᠠ ᠰᠢᠭ ᠠᠮᠢᠳᠤᠷᠠᠯ ᠶᠢᠡᠨ ᠳᠤᠭᠤᠭᠠᠨ ᠤ ᠭᠦ ᠰᠢᠭ᠌ ᠰᠠᠨᠠᠵᠤ

ᠳᠤᠷᠳᠤᠩ ᠵᠠᠯᠠᠭᠤ ᠨᠠᠰᠤ ᠪᠠᠨ ᠳᠤᠭᠤᠰᠬᠠᠨ ᠤ ᠪᠠᠯᠪᠠᠷᠬᠠᠢ ᠳᠤ ᠭᠠᠷᠭᠠᠨ᠎ᠠ

ᠢᠩᠭᠢᠭᠦ ᠳ᠋ᠤ

ᠥᠷᠦᠭᠡᠯ ᠢ ᠬᠠᠷᠠᠬᠤ ᠳᠤ ᠦᠪᠡᠷ ᠡᠴᠡ ᠮᠢᠨᠢ ᠪᠠᠶᠠᠨ

ᠥᠴᠦᠭᠡᠨ ᠶᠠᠳᠠᠭᠤ ᠶᠢᠨ ᠭᠤᠳᠤᠮᠵᠢᠨ ᠳᠤ ᠪᠢ ᠭᠠᠭᠴᠠᠭᠠᠷ ᠰᠢᠭ

ᠨᠠᠷᠠ ᠨᠢ ᠭᠡᠷᠡᠯ ᠶᠢᠡᠨ ᠬᠠᠷᠠᠮᠨᠠᠭ᠎ᠠ ᠦᠭᠡᠶ ᠰᠢᠳᠠᠭᠠᠮ᠎ᠠ ᠰᠢᠷᠠᠵᠤ ᠪᠠᠢ᠌ᠬᠤ ᠳ᠋ᠤ

ᠣᠳᠤ ᠨᠢ ᠡ᠊ᠨᠳᠡᠭᠦᠷᠡᠵᠤ ᠨᠢᠭᠡ ᠳᠤᠳᠠᠭ᠎ᠠ ᠦᠭᠡᠶ ᠪᠠᠢ᠌ᠬᠤ ᠳ᠋ᠤ

ᠣᠷᠴᠢᠯᠠᠩ ᠳᠤ ᠪᠢ ᠭᠠᠭᠴᠠᠭᠠᠷ ᠶᠢᠡᠨ ᠳᠦᠭᠡᠷᠢᠴᠢᠭᠡᠭ᠍ᠰᠡᠨ ᠶᠤᠮ ᠰᠢᠭ᠌

ᠣᠠᠳᠠᠬᠤ ᠥᠷᠦᠭᠡ ᠣᠷᠤ ᠳᠠᠷ᠎ᠠ ᠴᠢᠪᠳᠡᠭ᠌ ᠭᠦᠢᠳᠡᠨ

ᠣᠤᠭᠤᠭᠴᠢ ᠣᠰᠤ ᠠᠶᠠᠭ᠎ᠠ ᠴᠠᠢ ᠡᠭᠡᠭᠦᠨ ᠭᠠᠰᠢᠭᠤᠨ

ᠳᠠᠭᠤᠤ ᠰᠢᠩᠭᠡᠯᠳᠡ ᠡᠴᠡ ᠳᠠᠭᠤᠳᠠᠭᠤᠷ ᠬᠠᠷᠢᠯᠴᠠᠭᠤᠷ ᠭᠦᠷᠳᠡᠯ᠎ᠡ

ᠳᠤᠳᠠᠭᠤ ᠪᠢᠴᠢᠭ᠍ᠰᠡᠨ ᠰᠢᠯᠦᠭ᠌ ᠬᠠᠭᠠᠰ ᠥᠵᠡᠭ᠍ᠰᠡᠨ ᠨᠤᠮ

ᠠᠷᠭ᠎ᠠ ᠶᠠᠳᠠᠬᠤ ᠳᠠᠭᠠᠨ ᠠᠩᠬᠠᠨ ᠤ ᠢᠨᠠᠭ ᠤᠨ ᠮᠢᠨᠢ ᠵᠠᠭᠢᠳᠠᠯ ᠡᠴᠡ

ᠠᠮᠠᠷᠠᠭ ᠤᠨ ᠮᠢᠨᠢ ᠠᠪᠣᠭᠤᠯᠤᠭᠰᠠᠨ ᠰᠠᠷᠠᠨ ᠰᠢᠭ ᠰᠠᠢ᠌ᠬᠠᠨ ᠰᠡᠭᠦᠳᠡᠷ ᠴᠤ

ᠠᠯᠢ ᠪᠦᠭᠦᠨ ᠠᠮᠢᠨ ᠤ ᠭᠢ ᠡᠴᠡ ᠠᠰᠳᠠᠭᠠᠨ ᠳᠤ ᠭᠠᠷᠴᠤ

ᠠᠮᠤᠷᠯᠢᠩᠭ᠋ᠤᠢ ᠡᠨᠡ ᠬᠤᠷᠸ᠎ᠠ ᠶᠢ ᠠᠷᠠᠭ᠎ᠠ ᠰᠢᠳᠤ ᠨᠢᠭᠦᠯ ᠭᠢᠯᠢᠠᠴᠠ ᠪᠣᠯᠭᠠᠨ᠎ᠠ

᠊᠊᠊᠊᠊᠊᠊᠊᠊᠊᠊᠊᠊᠊᠊ ᠡᠨᠡ ᠮᠢᠨᠢ ᠭᠠᠴᠢᠭᠳᠠᠯ

ᠭᠠᠴᠢᠭᠳᠠᠯ ᠭᠡᠭᠦ ᠡᠴᠡ ᠡᠯᠢᠭᠡ ᠪᠠᠷ ᠶᠢᠡᠨ ᠳᠠᠷᠤᠨ ᠥᠭᠦᠭ᠍ᠰᠡᠨ ᠶᠤᠮ ᠰᠢᠭ᠌ ᠣᠨᠠᠭᠰᠠᠨ

ᠦᠵᠡᠯ ᠰᠠᠨᠠᠭ᠎ᠠ ᠭᠢᠳᠠᠯ ᠠᠵᠢᠯ ᠤᠨ ᠶᠡᠭᠡ ᠬᠤᠭᠤᠰᠤᠷᠠᠯ

ᠦᠨᠦ ᠮᠠᠷᠭᠠᠰᠢ ᠦᠨᠡᠨ ᠬᠤᠳᠠᠯ ᠵᠦᠷᠢᠴᠠᠯᠳᠤᠵᠤ ᠬᠤᠤᠠᠬᠤᠭᠰᠠᠨ ᠨᠡᠢ᠌ᠭᠡᠮ ᠢ

ᠥᠵᠦᠭᠦᠷ ᠭᠢᠵᠠᠭᠠᠷ ᠦᠭᠡᠶ ᠥᠷᠭᠦᠯᠵᠢᠯᠡᠭ᠍ᠰᠡᠨ ᠭᠠᠵᠠᠷ ᠣᠰᠤ ᠪᠠᠨ ᠰᠢᠭ ᠰᠠᠨᠠᠵᠤ

ᠴᠠᠭᠢᠯᠠᠭᠠᠤᠨ ᠥᠩᠭᠡᠷᠡᠭ᠍ᠰᠡᠨ ᠠᠶᠤᠩᠭ᠋᠎ᠠ ᠰᠢᠭ ᠳᠦᠷᠭᠡᠨ ᠥᠩᠭᠡᠷᠡᠭᠦ ᠴᠠᠭ ᠮᠦᠴᠡ ᠵᠢ

ᠴᠠᠷᠴᠠᠭᠤ ᠪᠣᠳᠤᠯ ᠭᠦᠯᠳᠡᠭᠦᠤ ᠳᠠᠷᠢᠭᠢ ᠪᠠᠷ ᠰᠡᠳᠭᠢᠭ᠍ᠰᠡᠨ ᠤ ᠮᠢᠨᠢ ᠳᠦᠯᠦᠭᠡᠰᠤ

ᠳᠤᠤᠷ ᠰᠦᠯᠵᠢᠶ᠎ᠠ ᠠᠭᠠᠷ ᠭᠠᠵᠠᠷ ᠶᠢᠡᠷ ᠶᠠᠭᠰᠢᠵᠤ

ᠳᠤᠭᠤᠯᠯᠠᠨ ᠮᠠᠳᠠᠳᠠᠯ᠎ᠠ ᠲᠦᠮᠡᠨ ᠰᠢᠨ᠎ᠠ ᠨᠡᠮᠡᠭ᠍ᠳᠡᠵᠤ ᠪᠣᠢ ᠨᠡᠢ᠌ᠭᠡᠮ ᠢ

ᠳᠤᠭᠤᠯ ᠬᠠᠷᠢᠭᠤᠯᠠᠭᠰᠠᠨ ᠪᠠᠭ᠎ᠠ ᠨᠠᠰᠤᠨ ᠤ ᠪᠠᠨ ᠠᠮᠢᠳᠤᠷᠠᠯ ᠰᠢᠭ ᠶᠢᠡᠨ ᠰᠠᠨᠠᠭᠰᠠᠨ ᠤ ᠮᠢᠨᠢ

ᠦᠷᠢ

ᠠᠢ︕

ᠠᠭᠤᠤ ᠶᠡᠭᠡ ᠶᠢ ᠭᠦᠰᠡᠮᠵᠢᠯᠡᠨ ᠨᠣᠢ᠌ᠷ ᠦᠭᠡᠶ ᠬᠤᠨᠤᠬᠤ ᠰᠦᠨᠢ

ᠠᠮᠢᠳᠤ ᠶᠢᠨ ᠰᠠᠢ᠌ᠬᠠᠨ ᠴᠠᠭ ᠲᠤ ᠳᠡᠭᠦᠨ ᠡᠴᠡ ᠭᠡᠳᠦᠷᠡᠭ᠍ᠰᠡᠨ ᠵᠢᠷᠭᠠᠯ ᠪᠠᠢ᠌ᠬᠤ ᠥᠭᠡᠢ

ᠠᠯᠢᠮᠠᠢ᠌ᠷᠠᠨ ᠳᠠᠯᠢᠮᠠᠢ᠌ᠷᠠᠨ ᠬᠤᠵᠢᠭᠤ ᠪᠣᠰᠤᠭᠰᠠᠨ ᠥᠷᠯᠦᠭᠡ

ᠠᠭᠢᠵᠤ ᠡᠷᠭᠢᠭᠦ ᠦᠭᠡᠶ ᠴᠠᠭ ᠮᠦᠴᠡ ᠣᠷᠤᠯᠠᠵᠤ ᠪᠣᠯᠤᠰᠢ ᠦᠭᠡᠶ ᠠᠯᠳᠠᠭ᠎ᠠ᠁

ᠪᠣᠳᠤᠯ ᠭᠦᠯᠦᠭ᠌ ᠪᠣᠯᠭᠢᠭ᠎ᠠ ᠪᠣᠳᠠᠳᠠᠢ ᠣᠨᠤᠭ᠎ᠠ ᠪᠦᠳᠦᠷᠢᠭᠡ

ᠪᠠᠭᠤᠭᠠᠤᠨ ᠴᠤ ᠪᠣᠯᠬᠤ ᠦᠭᠡᠶ ᠮᠤᠷᠳᠠᠭᠠᠤᠨ ᠴᠤ ᠪᠣᠯᠬᠤ ᠥᠭᠡᠢ

ᠶᠠᠰᠤ ᠨᠠᠷ᠎ᠠ ᠶᠢᠨ ᠳᠡᠩᠨᠡᠭᠦᠷ ᠳᠡᠭᠡᠷ᠎ᠡ

ᠪᠠᠭ᠎ᠠ ᠭᠡᠳᠦᠷᠡᠪᠠᠯ ᠳᠤᠭᠳᠠᠭᠠᠯ ᠦᠭᠡᠶ ᠬᠠᠤᠯᠢ ᠳᠤᠮᠳᠠᠭᠤᠷ

ᠪᠠᠳᠠᠭ ᠪᠠᠳᠠᠭ ᠰᠢᠯᠦᠭ᠌ ᠰᠢᠭ᠌ ᠬᠤᠭᠤᠰᠤᠨ ᠪᠦᠭᠦᠨ ᠤ ᠭᠤᠤᠯ ᠵᠢᠠᠷ

ᠪᠠᠰᠠ ᠨᠠᠷ᠎ᠠ ᠲᠡᠶ ᠮᠦᠷ ᠲᠡᠶ ᠭᠦᠮᠤᠨ ᠭᠡᠵᠤ ᠶᠠᠪᠣᠬᠤ ᠶᠤᠮ ᠪᠢ

ᠶᠠᠭᠤ ᠶᠢ ᠭᠢᠶ᠎ᠠ ᠭᠡᠵᠤ ᠶᠠᠭ ᠪᠣᠳᠤᠬᠤ ᠦᠭᠡᠶ ᠦᠶ᠎ᠡ ᠳ᠋ᠤ

ᠶᠠᠮᠠᠷ ᠨᠢᠭᠡᠨ ᠨᠢ ᠳᠤᠳᠠᠴᠢᠬᠠᠭᠠᠤᠨ ᠵᠤᠪᠠᠭᠠᠤᠨ ᠪᠠᠢ᠌ᠬᠤ ᠨᠢ ᠭᠡᠴᠡᠭᠦᠤ

ᠶᠠᠭᠠᠷᠠᠨ ᠰᠠᠠᠳᠤᠷᠴᠤ ᠵᠡᠭᠦᠨ ᠪᠠᠷᠠᠭᠤᠨ ᠶᠢᠡᠨ ᠢᠯᠭᠠᠨ ᠠᠮᠵᠢᠬᠤ ᠦᠭᠡᠶ ᠴᠠᠭ ᠲᠤ

ᠶᠠᠯᠢᠮ ᠦᠭᠡᠶ ᠪᠠᠭᠠᠬᠠᠨ ᠨᠢ ᠴᠤ ᠢᠯᠡᠭᠦᠳᠡᠭᠡᠳ ᠪᠠᠢ᠌ᠬᠤ ᠨᠢ ᠵᠢᠷᠭᠠᠯ

ᠣᠷᠴᠢᠯᠠᠩ ᠤᠨ ᠬᠤᠭᠤᠰᠤᠨ ᠢ ᠨᠥᠭᠦᠭᠦ ᠭᠡᠵᠤ

ᠣᠳᠤ ᠰᠠᠷᠠ ᠨᠠᠷᠠ ᠡᠭᠦᠯᠡ ᠰᠠᠯᠭᠢ ᠪᠣᠷᠤᠭᠠᠨ ᠵᠤᠬᠢᠶᠠᠭᠰᠠᠨ ᠪᠠᠢ᠌ᠬ᠎ᠠ

ᠣᠷᠤᠮ ᠦᠭᠡᠶ ᠭᠦᠮᠤᠨ ᠰᠡᠳᠭᠢᠯ ᠤᠨ ᠶᠡᠭᠡ ᠡᠵᠡᠭᠦᠢᠷᠡᠯ ᠢ ᠨᠥᠭᠦᠭᠦ ᠭᠡᠵᠤ

ᠡᠷᠭᠡ ᠵᠢᠷᠭᠠᠯᠠᠩ ᠡᠩᠭᠡ ᠳᠠᠩᠰᠤᠭ ᠡ᠊ᠨᠳᠡᠰᠢ ᠠᠯᠳᠠᠰᠢ ᠭᠡᠮᠰᠢᠯ ᠭᠤᠳᠤᠷᠠᠯ ᠬᠠᠢ᠌ᠷᠠᠯᠠᠭᠰᠠᠨ ᠪᠠᠢ᠌ᠬ᠎ᠠ

ᠰᠠᠶ᠎ᠠ ᠲᠦᠮᠡᠨ ᠣᠨ ᠤ ᠳᠡᠦᠭᠡ ᠶᠢᠨ ᠬᠤᠷᠯᠤ ᠮᠢᠨᠤ︕


2003 ᠣᠨ 12 ᠰᠠᠷ᠎ᠠ ᠶᠢᠨ 16 ᠊ᠨ᠎ᠠ

ᠭᠦᠯᠤᠨ ᠪᠣᠢ᠌ᠷ ᠳᠡᠭᠡᠳᠤ ᠰᠤᠷᠭᠠᠭᠤᠯᠢ ᠶᠢᠨ ᠨᠡᠢ᠌ᠭᠡᠮ ᠤᠨ ᠭᠦᠷᠢᠶᠡᠨ᠎ᠡ

ᠵᠤᠬᠢᠶᠠᠭᠴᠢ᠄ ᠪᠣᠷᠵᠢᠭᠢᠨ·ᠳᠤᠤᠯᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2621
ᠴᠠᠭ᠄ 2009 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ