ᠨᠡᠪᠲᠡᠷᠡᠨ ᠤᠷᠤᠬᠤ
ᠠᠵᠠ ᠶᠢᠨ ᠴᠡᠩᠭᠡᠷ ᠨᠤᠳᠤᠭ

ᠠᠷᠠᠯᠳᠤ ᠬᠤᠭᠤᠷ ᠤᠨ ᠡᠭᠡᠰᠢᠭ᠌ ᠳᠠᠢ

ᠠᠶᠠᠯᠭᠤ ᠳᠠᠭᠤᠨ ᠤ ᠴᠤᠤᠷᠢᠶ᠎ᠠ ᠳᠠᠢ

ᠠᠵᠠ ᠶᠢᠨ ᠴᠡᠩᠭᠡᠷ ᠨᠤᠳᠤᠭ

ᠠᠮᠢᠨ ᠬᠠᠢ᠌ᠷᠠᠳᠤ ᠥᠯᠦᠭᠡᠢ ᠮᠢᠨᠢ

ᠬᠤᠷᠸ᠎ᠠ ᠶᠢᠨ ᠴᠡᠩᠭᠡᠷᠭᠡᠨ ᠵᠠᠭᠠᠳᠠᠰᠤ ᠪᠣᠶᠤ

ᠬᠤᠷᠭᠤᠢ ᠳᠤᠷᠭᠠᠨ ᠥᠭᠡᠳᠡᠰᠤ ᠪᠣᠶᠤ

ᠬᠤᠪᠳᠤᠯ ᠵᠢᠷᠦᠭᠡᠨ ᠤ ᠣᠶᠠᠭ᠎ᠠ ᠪᠣᠶᠤ

ᠬᠤᠨᠤᠭ ᠵᠡᠭᠦᠳᠤᠨ ᠴᠢᠭᠳᠠᠭ᠎ᠠ ᠪᠣᠶᠤ

ᠪᠦᠷᠳᠡ ᠴᠢᠨ᠋ᠸ᠎ᠠ ᠡᠴᠡ ᠬᠠᠢ᠌ᠯᠠᠭᠰᠠᠨ

ᠪᠣᠭᠤᠷᠤᠯ ᠳᠡᠦᠭᠡ ᠶᠢᠨ ᠳᠤᠤᠯᠢ ᠪᠣᠶᠤ

ᠪᠣᠭᠳᠠ ᠴᠢᠩᠭᠢᠰ ᠤᠨ ᠬᠠᠢ᠌ᠷᠠᠯᠠᠭᠰᠠᠨ

ᠪᠣᠷᠬᠠᠨ ᠬᠠᠯᠳᠤᠨ ᠤ ᠨᠤᠳᠤᠭ ᠪᠣᠶᠤ

ᠳᠡᠭᠡᠳᠤ ᠡᠷᠳᠡᠨ ᠡᠴᠡ ᠣᠯᠠᠮᠵᠢᠯᠠᠭᠰᠠᠨ

ᠳᠡᠯᠢᠭᠦᠨ ᠪᠣᠯᠳᠤᠭ ᠤᠨ ᠥᠯᠢᠭᠡᠷ ᠪᠣᠶᠤ

ᠡᠴᠢᠭᠡ ᠳᠡᠭᠡᠳᠦᠰ ᠤᠨ ᠣᠷᠤᠩᠨᠠᠭᠰᠠᠨ

ᠡᠷᠭᠦᠨ᠎ᠡ ᠬᠤᠨ ᠤ ᠳᠤᠮᠤᠭ ᠪᠣᠶᠤ

ᠬᠠᠪᠣᠳᠤ ᠬᠠᠰᠠᠷ ᠡᠴᠡ ᠥᠯᠡᠳᠡᠭᠡᠭ᠍ᠰᠡᠨ

ᠠᠯᠳᠠᠨ ᠣᠷᠤᠭᠳᠠᠨ ᠤ ᠬᠠᠶ‍ᠢᠭ ᠪᠣᠶᠤ

ᠬᠠᠮᠤᠭ ᠮᠤᠩᠭ᠋ᠤᠯ ᠤᠨ ᠬᠤᠴᠤᠷᠭᠠᠭᠰᠠᠨ

ᠠᠷᠢᠭᠤᠨ ᠴᠠᠭᠠᠨ ᠬᠠᠳᠠᠭ ᠪᠣᠶᠤ

ᠠᠪᠣ ᠶᠢᠨ ᠠᠪᠣ ᠡᠴᠡ ᠣᠯᠠᠮᠵᠢᠯᠠᠭᠰᠠᠨ

ᠠᠮᠢ ᠵᠢᠭᠤᠳᠠᠭ ᠭᠦᠷᠦᠩᠭᠡ ᠪᠣᠶᠤ

ᠠᠴᠢᠷ ᠬᠣᠢ᠌ᠴᠢᠰ ᠲᠠᠭᠠᠨ ᠥᠯᠡᠳᠡᠭᠡᠭ᠍ᠰᠡᠨ

ᠠᠮᠤ ᠴᠠᠭᠠᠨ ᠭᠦᠨᠡᠰᠤ ᠪᠣᠶᠤ

ᠨᠢ᠋ᠮᠠᠨ ᠰᠢᠷᠭ᠎ᠠ ᠶᠢᠨ ᠳᠠᠯ ᠳᠡᠭᠡᠭᠦᠷ

ᠨᠠᠷᠠ ᠡᠭᠦᠷᠦᠭ᠍ᠰᠡᠨ ᠰᠤᠶᠤᠯ ᠪᠣᠶᠤ

ᠨᠠᠢ᠌ᠷᠠᠭ ᠰᠢᠯᠦᠭ᠌ ᠣᠶᠠᠩᠭ᠋ᠠᠷᠠᠭᠰᠠᠨ

ᠨᠠᠷᠮᠠᠢ ᠭᠦᠭᠡ ᠳᠤᠭ ᠪᠣᠶᠤ

ᠠᠷᠠᠯᠳᠤ ᠬᠤᠭᠤᠷ ᠤᠨ ᠡᠭᠡᠰᠢᠭ᠌ ᠳᠠᠢ

ᠠᠶᠠᠯᠭᠤ ᠳᠠᠭᠤᠨ ᠤ ᠴᠤᠤᠷᠢᠶ᠎ᠠ ᠳᠠᠢ

ᠠᠵᠠ ᠶᠢᠨ ᠴᠡᠩᠭᠡᠷ ᠨᠤᠳᠤᠭ

ᠠᠮᠢᠨ ᠬᠠᠯᠠᠭᠤᠨ ᠥᠯᠦᠭᠡᠢ ᠮᠢᠨᠢ

ᠬᠤᠷᠸ᠎ᠠ ᠶᠢᠨ ᠴᠡᠩᠭᠡᠷᠭᠡᠨ ᠵᠠᠭᠠᠳᠠᠰᠤ

ᠬᠤᠷᠭᠤᠢ ᠳᠤᠷᠭᠠᠨ ᠥᠭᠡᠳᠡᠰᠤ

ᠬᠤᠪᠳᠤᠯ ᠵᠢᠷᠦᠭᠡᠨ ᠣᠶᠠᠭ᠎ᠠ

ᠬᠤᠨᠤᠭ ᠵᠡᠭᠦᠳᠤᠨ ᠴᠢᠭᠳᠠᠭ᠎ᠠ᠃


ᠵᠠᠷᠤᠳ ᠬᠤᠰᠢᠭᠤᠨ ᠤ ᠪᠠᠶᠠᠠᠮᠠᠩᠬ᠎ᠠ ᠰᠤᠷᠭᠠᠭᠤᠯᠢ ᠶᠢᠨ ᠪᠠᠭᠰᠢ

ᠵᠤᠬᠢᠶᠠᠭᠴᠢ᠄ ᠳᠢᠶ‍ᠧ ᠮᠢᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2950
ᠴᠠᠭ᠄ 2009 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ