ᠨᠡᠪᠲᠡᠷᠡᠨ ᠤᠷᠤᠬᠤ
ᠪᠠᠭ᠎ᠠ ᠰᠤᠷᠭᠠᠭᠤᠯᠢ ᠳᠤ ᠵᠤᠬᠢᠶᠠᠨ ᠪᠢᠴᠢᠯᠭᠡ ᠶᠢ ᠭᠡᠷᠭᠢᠨ ᠠᠳᠬᠤᠬᠤ ᠳᠤᠬᠠᠢ

ᠪᠠᠭ᠎ᠠ ᠰᠤᠷᠭᠠᠭᠤᠯᠢ ᠶᠢᠨ ᠭᠡᠯᠡ ᠪᠢᠴᠢᠭ᠌ ᠤᠨ ᠪᠦᠭᠦᠢᠯᠡ ᠵᠢᠭᠠᠨ ᠰᠤᠷᠭᠠᠯᠳᠠ ᠶᠢᠨ ᠶᠠᠪᠣᠴᠠ ᠳᠤ᠂ ᠵᠤᠬᠢᠶᠠᠨ ᠪᠢᠴᠢᠯᠭᠡ ᠪᠣᠯ ᠴᠢᠬᠤᠯᠠ ᠪᠠᠢ᠌ᠷᠢ ᠶᠢ ᠡᠵᠡᠯᠡᠭᠦ ᠭᠢᠴᠢᠶᠡᠯᠯᠡᠭᠡ ᠪᠣᠯᠬᠤ ᠶᠤᠮ᠃ ᠵᠤᠬᠢᠶᠠᠯ ᠢ ᠶᠠᠭᠠᠭᠢᠵᠤ ᠵᠢᠭᠠᠨ᠎ᠠ ᠦᠦ᠂ ᠬᠠᠮᠢᠭᠠᠨ ᠡᠴᠡ (ᠠᠯᠢ ᠣᠨ ᠡᠴᠡ) ᠡᠭᠢᠯᠡᠵᠤ ᠵᠢᠭᠠᠨ᠎ᠠ ᠦᠦ᠂ ᠭᠡᠷᠭᠢᠨ ᠠᠳᠬᠤᠨ᠎ᠠ ᠦᠦ ᠭᠡᠭᠦ ᠵᠡᠷᠭᠡ ᠪᠣᠯ ᠭᠡᠯᠡ ᠪᠢᠴᠢᠭ᠌ ᠤᠨ ᠪᠠᠭᠰᠢ ᠨᠡᠷ ᠤᠨ ᠭᠡᠵᠢᠶᠡᠳᠡ ᠪᠠᠨ ᠪᠣᠳᠤᠵᠤ ᠰᠠᠳᠭᠢᠵᠤ ᠶᠠᠪᠣᠳᠠᠭ ᠵᠣᠢ᠌ᠯᠠᠰ᠃ ᠮᠦᠨᠴᠤ ᠭᠡᠮᠵᠢᠶ᠎ᠡ ᠦᠭᠡᠶ ᠶᠡᠭᠡ ᠭᠦᠴᠤ ᠭᠦᠳᠡᠯᠮᠦᠷᠢ ᠵᠠᠷᠤᠴᠠᠭᠤᠯᠵᠤ ᠠᠳᠬᠤᠳᠠᠭ ᠵᠣᠢ᠌ᠯᠠᠰ ᠪᠢᠯᠠ᠃

ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠳᠢᠩᠭᠢᠮ ᠡᠴᠡ ᠳᠤᠭᠳᠠᠭᠠᠵᠤ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ ᠡᠴᠡ2009 ᠣᠨ ᠳᠤ ᠭᠡᠪᠯᠡᠭᠦᠯᠦᠭ᠍ᠰᠡᠨ 《ᠪᠦᠭᠦᠯᠢ ᠡᠳᠦᠷ ᠤᠨ ᠳᠦᠷᠢᠮᠳᠤ ᠠᠯᠪᠠᠨ ᠵᠢᠷᠤᠮ ᠤᠨ ᠰᠤᠷᠭᠠᠨ ᠭᠦᠮᠦᠵᠢᠯ ᠤᠨ ᠭᠡᠯᠡ ᠪᠢᠴᠢᠭ᠌ ᠤᠨ ᠭᠢᠴᠢᠶᠠᠯ ᠤᠨ ᠪᠠᠷᠢᠮᠵᠢᠶ᠎ᠠ》 ᠵᠢᠨ ᠬᠤᠶᠠᠳᠤᠭᠠᠷ ᠪᠦᠯᠦᠭ᠌ ᠊᠊᠊᠊᠊᠊᠊᠊᠊᠊᠊᠊᠊᠊᠊ 《ᠭᠢᠴᠢᠶᠠᠯ ᠤᠨ ᠬᠠᠷᠠᠯᠳᠠ》 ᠳᠤ᠂ ᠪᠠᠭ᠎ᠠ ᠰᠤᠷᠭᠠᠭᠤᠯᠢ ᠶᠢᠨ ᠵᠤᠬᠢᠶᠠᠨ ᠪᠢᠴᠢᠯᠭᠡ ᠳᠤ ᠰᠤᠷᠬᠤ ᠠᠭᠤᠯᠭ᠎ᠠ ᠶᠢ 1 ᠊᠊᠊᠊᠊᠊᠊᠊᠊᠊᠊᠊᠊᠊᠊ 2 ᠳ᠋ᠤᠭᠠᠷ ᠣᠨ ᠳᠤ 《ᠳᠦᠭᠦᠮᠭᠡᠨ ᠥᠭᠡ ᠥᠯᠡᠳᠡᠭᠡᠭᠦ ᠬᠠᠭᠤᠳᠠᠰᠤ᠂ ᠴᠢᠯᠦᠭᠡ ᠭᠤᠶᠤᠬᠤ ᠪᠢᠴᠢᠭ᠌ ᠪᠢᠴᠢᠵᠤ ᠰᠤᠷᠬᠤ》   3 ᠊᠊᠊᠊᠊᠊᠊᠊᠊᠊᠊᠊᠊᠊᠊ 4 ᠳ᠋ᠦᠭᠡᠷ ᠣᠨ ᠳᠤ 《ᠳᠦᠭᠦᠮ ᠮᠡᠳᠡᠭ᠍ᠳᠡᠯ᠂ ᠵᠠᠭᠢᠳᠠᠯ᠂ ᠡᠳᠦᠷ ᠤᠨ ᠳᠡᠮᠳᠡᠭᠯᠡᠯ᠂ ᠨᠤᠮ ᠣᠩᠰᠢᠭᠰᠠᠨ ᠳᠡᠮᠳᠡᠭᠯᠡᠯ ᠪᠢᠴᠢᠵᠤ ᠴᠢᠳᠠᠬᠤ》   5 ᠊᠊᠊᠊᠊᠊᠊᠊᠊᠊᠊᠊᠊᠊᠊ 6 ᠳ᠋ᠤᠭᠠᠷ ᠣᠨ ᠳᠤ 《ᠦᠨᠡᠨ ᠭᠡᠷᠡᠭ᠌ ᠢ ᠳᠡᠮᠳᠡᠭᠯᠡᠭ᠍ᠰᠡᠨ ᠵᠤᠬᠢᠶᠠᠯ ᠪᠠ ᠳᠦᠰᠦᠭᠡᠯᠡᠨ ᠪᠣᠳᠤᠭᠰᠠᠨ ᠳᠦᠭᠦᠮ ᠵᠤᠬᠢᠶᠠᠯ ᠪᠢᠴᠢᠵᠤ ᠴᠢᠳᠠᠬᠤ》᠂ 《ᠭᠡᠷᠡᠴᠢ ᠪᠢᠴᠢᠭ᠌᠂ ᠪᠠᠷᠢᠮᠳᠠ᠂ ᠳᠦᠷᠦᠭ᠍ᠳᠡᠯ᠂ ᠳ᠋ᠦ᠋ᠩᠨᠡᠯᠲᠡ ᠵᠡᠷᠭᠡ ᠶᠢᠨ ᠡᠩ ᠤᠨ ᠭᠡᠷᠡᠭᠯᠡᠭᠡᠨ ᠤ ᠵᠤᠬᠢᠶᠠᠯ ᠢ ᠪᠢᠴᠢᠵᠤ ᠴᠢᠳᠠᠬᠤ》 ᠭᠡᠵᠤ ᠪᠢᠴᠢᠵᠤ ᠪᠠᠢ᠌ᠳᠠᠭ᠃ ᠡᠨᠡ ᠪᠣᠯ ᠳᠠᠷᠠ ᠴᠢᠭ᠌ ᠶᠢᠡᠷ ᠶᠢᠡᠨ ᠮᠠᠨᠤᠰ ᠲᠤ ᠪᠠᠭ᠎ᠠ ᠰᠤᠷᠭᠠᠭᠤᠯᠢ ᠶᠢᠨ ᠱᠠᠳᠤᠨ ᠤ ᠵᠤᠬᠢᠶᠠᠨ ᠪᠢᠴᠢᠯᠭᠡ ᠳᠤ ᠶᠠᠭᠤ ᠶᠢ ᠪᠢᠴᠢᠭᠦᠯ᠂ ᠶᠠᠭᠤ ᠶᠢ ᠰᠤᠷᠭ᠎ᠠ ᠭᠡᠵᠢᠶ᠎ᠡ᠂ ᠬᠠᠮᠢᠭᠠᠨ ᠡᠴᠡ ᠨᠢ ᠶᠠᠭᠤ ᠶᠢ ᠵᠢᠭ᠎ᠠ᠂ ᠶᠠᠭᠤ ᠶᠢ ᠮᠡᠳᠡᠭᠦᠯ ᠭᠡᠵᠤ ᠳᠤᠳᠤᠷᠬᠠᠢ ᠳᠤᠭᠳᠠᠭᠠᠵᠤ ᠦᠭ‍ᠭᠦᠭ᠍ᠰᠡᠨ ᠳᠤᠭᠢᠳᠠᠢ ᠳᠤᠭᠳᠠᠭᠠᠯ ᠪᠠᠢ᠌ᠭ᠎ᠠ ᠶᠤᠮ᠃ ᠬᠠᠷᠢᠨ ᠬᠠᠮᠢᠭᠠᠨ ᠡᠴᠡ ᠨᠢ ᠡᠭᠢᠯᠡᠵᠤ ᠶᠠᠭᠠᠭᠢᠵᠤ ᠵᠢᠭᠠᠭᠰᠠᠨ ᠴᠤ ᠪᠣᠯᠤᠨ᠎ᠠ ᠭᠡᠰᠡᠨ ᠣᠴᠢᠷ ᠣᠭᠳᠤ ᠪᠢᠰᠢ ᠶᠤᠮ᠃ ᠪᠢᠳᠠ ᠡᠨᠡᠭᠦ 《ᠪᠠᠷᠢᠮᠵᠢᠶ᠎ᠠ》 ᠳᠤᠭᠳᠠᠭᠠᠯ ᠶᠢᠡᠷ ᠴᠢᠩᠭ᠎ᠠ ᠪᠠᠷᠢᠮᠵᠢᠶᠠᠯᠠᠵᠤ᠂ ᠵᠤᠬᠢᠶᠠᠨ ᠪᠢᠴᠢᠯᠭᠡ ᠶᠢᠨ ᠵᠢᠭᠠᠨ ᠰᠤᠷᠭᠠᠯᠳᠠ ᠶᠢᠨ ᠠᠵᠢᠯ ᠶᠢᠡᠨ ᠡᠮᠭᠢ ᠳᠢᠭ᠍ᠳᠡᠢ᠂ ᠠᠯᠬᠤᠮ ᠳᠠᠷᠠᠭ᠎ᠠ ᠲᠡᠶ ᠪᠠᠷ ᠶᠠᠪᠣᠭᠳᠠᠭᠤᠯᠪᠠᠯ ᠵᠤᠭᠢᠨ᠎ᠠ᠃

ᠮᠢᠨᠤ ᠥᠵᠡᠭᠦ ᠪᠠᠷ᠂ ᠪᠠᠭ᠎ᠠ ᠰᠤᠷᠭᠠᠭᠤᠯᠢ ᠶᠢᠨ ᠵᠤᠬᠢᠶᠠᠨ ᠪᠢᠴᠢᠯᠭᠡ ᠶᠢ ᠳᠤᠤᠷᠠᠳᠤ ᠣᠨ ᠊᠊᠊᠊᠊᠊᠊᠊᠊᠊᠊᠊᠊᠊᠊ ᠨᠢᠭᠡ᠂ ᠬᠤᠶᠠᠳᠤᠭᠠᠷ ᠣᠨ ᠡᠴᠡ ᠡᠭᠢᠯᠡᠵᠤ ᠠᠳᠬᠤᠪᠠᠯ ᠬᠠᠮᠤᠭ ᠤᠨ ᠳᠤᠭᠢᠷᠠᠮᠵᠢᠳᠠᠢ᠃ ᠨᠢᠭᠡᠳᠦᠭᠡᠷ ᠣᠨ ᠡᠴᠡ ᠡᠭᠢᠯᠡᠨ ᠴᠢᠩᠭ᠎ᠠ ᠠᠳᠬᠤᠵᠤ᠂ ᠠᠯᠭᠤᠷ ᠠᠭᠠᠵᠢᠮ ᠶᠢᠡᠷ ᠴᠢᠩᠭ᠋ᠠᠳᠬᠠᠨ ᠳᠡᠭᠡᠭ᠍ᠰᠢᠯᠡᠭᠦᠯᠵᠤ᠂ ᠳᠤᠮᠳᠠ ᠳᠡᠭᠡᠳᠤ ᠣᠨ ᠳᠤ ᠭᠦᠷᠪᠠᠯ ᠰᠠ‍‌ᠶᠢ ᠵᠤᠬᠢᠶᠠᠨ ᠪᠢᠴᠢᠯᠭᠡ ᠶᠢᠨ ᠳᠤᠬᠠᠢ ᠣᠬᠠᠭᠳᠠᠬᠤᠨ ᠪᠣᠶᠤ ᠠᠭᠤᠯᠭ᠎ᠠ᠂ ᠴᠢᠨᠠᠷ ᠢ ᠠᠯᠭᠤᠷ ᠶᠢᠡᠷ ᠮᠡᠳᠡᠭᠦᠯᠤᠨ᠎ᠡ᠃

ᠨᠢᠭᠡᠳᠦᠭᠡᠷ ᠣᠨ ᠳᠤ ᠥᠭᠡ ᠶᠠᠷᠢᠭᠤᠯᠵᠤ᠂ (ᠠᠮᠠᠨ) ᠬᠤᠯᠪᠣᠭ᠎ᠠ ᠥᠭᠡ ᠪᠦᠳᠦᠭᠡᠯᠭᠡᠵᠤ᠂ ᠥᠭᠦᠯᠡᠪᠦᠷᠢ ᠵᠤᠬᠢᠶᠠᠯᠭᠠᠵᠤ ᠰᠤᠷᠭᠠᠬᠤ᠂ ᠬᠤᠶᠠᠳᠤᠭᠠᠷ ᠣᠨ ᠳᠤ ᠶᠠᠷᠢᠭᠰᠠᠨ ᠥᠭᠡ᠂ ᠶᠠᠷᠢᠭᠰᠠᠨ ᠥᠭᠦᠯᠡᠪᠦᠷᠢ ᠪᠣᠯᠤᠨ ᠶᠠᠷᠢᠭᠰᠠᠨ ᠵᠣᠢ᠌ᠯᠠᠰ ᠶᠢᠡᠨ ᠳᠤᠪᠴᠢ ᠳᠤᠳᠤᠷᠠᠭᠤᠨ ᠳᠡᠮᠳᠡᠭᠯᠡᠨ ᠪᠢᠴᠢᠵᠤ ᠢᠯᠡᠳᠭᠡᠵᠤ ᠴᠢᠳᠠᠬᠤ ᠪᠣᠯᠭᠠᠬᠤ ᠵᠡᠷᠭᠡ ᠪᠣᠯᠪᠠᠰᠤᠷᠠᠯ ᠢ ᠭᠢᠯᠭᠡᠨ᠎ᠡ᠃ ᠡᠨᠡ ᠪᠣᠯ ᠵᠤᠬᠢᠶᠠᠨ ᠪᠢᠴᠢᠯᠭᠡ ᠶᠢᠨ ᠡᠭᠢᠯᠡᠯᠳᠡ᠂ ᠰᠠᠭᠤᠷᠢ᠂ ᠳᠡᠪᠢᠰᠭᠡᠷ ᠪᠣᠯᠬᠤ ᠵᠣᠢ᠌ᠯᠠᠰ ᠶᠤᠮ᠃ ᠡᠭᠦᠨ ᠢ ᠡᠨᠡ ᠦᠶ᠎ᠡ ᠡᠴᠡ ᠨᠢ ᠡᠭᠢᠯᠡᠨ ᠴᠢᠩᠭ᠎ᠠ ᠠᠳᠬᠤᠬᠤ ᠨᠢ ᠳᠤᠮᠳᠠ ᠳᠡᠭᠡᠳᠤ ᠣᠨ ᠭᠦᠷᠦᠭᠡᠳ ᠠᠳᠬᠤᠨ᠎ᠠ ᠭᠡᠭᠦ ᠡᠴᠡ ᠬᠤᠯᠠ ᠠᠴᠢ ᠳᠤᠰᠠ ᠲᠡᠶ ᠪᠢᠯᠠ᠃ ᠳᠤᠮᠳᠠ ᠳᠡᠭᠡᠳᠤ ᠣᠨ ᠭᠦᠷᠪᠠᠯ᠂ ᠵᠤᠬᠢᠶᠠᠨ ᠪᠢᠴᠢᠯᠭᠡ ᠶᠢ ᠭᠦᠢᠭᠡᠨ ᠡᠴᠡ ᠭᠦᠨ ᠵᠥᠭ᠌᠂ ᠭᠢᠯᠪᠠᠷ ᠡᠴᠡ ᠭᠦᠴᠢᠷ ᠳᠠᠰᠢ ᠠᠯᠬᠤᠮ ᠠᠯᠬᠤᠮ ᠶᠢᠡᠷ ᠵᠢᠭᠠᠨ ᠵᠢᠯᠤᠭᠤᠳᠤᠨ᠎ᠠ᠃ ᠢᠩᠭᠢᠭᠦ ᠨᠢ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠵᠤᠬᠢᠶᠠᠨ ᠪᠢᠴᠢᠯᠭᠡ ᠰᠤᠷᠬᠤ ᠵᠢᠮ᠎ᠠ ᠵᠢᠷᠤᠮ ᠪᠣᠯᠤᠨ ᠭᠦᠯᠢᠶᠡᠨ ᠠᠪᠬᠤ ᠴᠢᠳᠠᠪᠣᠷᠢ ᠰᠠᠳᠭᠢᠴᠠ ᠲᠡᠶ ᠶᠠᠪ ᠴᠠᠪ ᠨᠠᠢ᠌ᠴᠠᠵᠤ᠂ ᠵᠤᠬᠢᠶᠠᠨ ᠪᠢᠴᠢᠯᠭᠡ ᠵᠢᠭᠠᠬᠤ ᠠᠯᠬᠤᠮ ᠳᠠᠷᠠᠭ᠎ᠠ ᠪᠣᠯᠤᠨ ᠵᠤᠷᠢᠯᠭ᠎ᠠ ᠳᠠᠭᠠᠨ ᠭᠦᠢᠴᠡᠳ ᠪᠦᠷᠢᠨ ᠭᠦᠷᠴᠤ ᠴᠢᠳᠠᠬᠤ ᠪᠢᠯᠠ᠃

ᠪᠢᠴᠢᠭᠦᠯᠭᠦ ᠵᠤᠬᠢᠶᠠᠯ ᠤᠨ (ᠲᠦᠷᠦᠯ ᠵᠣᠢ᠌ᠯ ᠤᠨ) ᠳᠠᠯ᠎ᠠ ᠪᠠᠷ᠂ ᠪᠠᠭ᠎ᠠ ᠰᠤᠷᠭᠠᠭᠤᠯᠢ ᠳᠤ ᠭᠤᠤᠯᠳᠠᠭᠤ ᠭᠡᠷᠡᠭᠯᠡᠭᠡᠨ ᠤ ᠵᠤᠬᠢᠶᠠᠯ ᠪᠣᠶᠤ ᠳᠡᠮᠳᠡᠭᠯᠡᠨ ᠳᠤᠭᠠᠴᠢᠭᠰᠠᠨ ᠵᠤᠬᠢᠶᠠᠯ ᠢ ᠢᠯᠡᠭᠦᠤ ᠪᠢᠴᠢᠭᠦᠯᠵᠤ ᠰᠤᠷᠭᠠᠪᠠᠯ ᠪᠣᠯᠴᠢᠬᠠᠨ᠎ᠠ᠃ ᠣᠠᠴᠠᠭᠠᠢ᠌ᠯᠠᠨ ᠭᠡᠷᠡᠭᠯᠡᠭᠡᠨ ᠤ ᠵᠤᠬᠢᠶᠠᠯ ᠢ ᠢᠯᠡᠭᠦᠤ ᠪᠢᠴᠢᠭᠦᠯᠵᠤ ᠰᠤᠷᠭᠠᠪᠠᠯ ᠵᠤᠭᠢᠷᠠᠮᠵᠢᠳᠠᠢ᠃

ᠥᠩᠭᠡᠷᠡᠭ᠍ᠰᠡᠨ ᠳᠤ᠂ ᠵᠢᠭᠠᠬᠤ ᠫᠷᠦᠭ᠍ᠷᠡᠮ ᠪᠣᠶᠤ ᠯᠠᠪᠯᠠᠬᠤ ᠪᠢᠴᠢᠭ᠌ ᠲᠤ᠂ ᠪᠠᠭ᠎ᠠ ᠰᠤᠷᠭᠠᠭᠤᠯᠢ ᠶᠢᠨ ᠵᠤᠬᠢᠶᠠᠨ ᠪᠢᠴᠢᠯᠭᠡ ᠶᠢᠨ ᠪᠠᠷᠢᠮᠵᠢᠶ᠎ᠠ ᠱᠠᠭᠠᠷᠳᠠᠯᠭ᠎ᠠ ᠶᠢ ᠳᠠᠩᠴᠤ ᠦᠨᠳᠦᠷ ᠪᠠᠷᠢᠮᠵᠢᠶ᠎ᠠ ᠱᠠᠭᠠᠷᠳᠠᠯᠭ᠎ᠠ ᠳᠤ ᠪᠠᠷᠢᠮᠵᠢᠶᠠᠯᠠᠨ ᠱᠠᠭᠠᠷᠳᠠᠭᠰᠠᠨ ᠡᠴᠡ ᠪᠠᠭᠰᠢ ᠨᠡᠷ ᠴᠤ ᠵᠤᠬᠢᠶᠠᠨ ᠪᠢᠴᠢᠯᠭᠡ ᠶᠢ ᠨᠢᠭᠡᠨ 《ᠬᠠᠷᠰᠢ ᠰᠠᠭᠠᠤᠨ》 ᠪᠣᠶᠤ 《ᠬᠠᠳᠠᠭᠤ ᠴᠢᠩᠭ᠎ᠠ ᠡᠳ᠋》 ᠊ᠤᠨ ᠶᠠᠭᠤᠮ᠎ᠠ ᠪᠠᠷ ᠦᠵᠡᠵᠤ᠂ ᠡᠭᠦᠨ ᠶᠢᠡᠨ ᠢᠯᠠᠨ ᠳᠠᠪᠠᠵᠤ ᠡᠷᠭᠡᠰᠢᠶᠡᠯ ᠳᠡᠭᠡᠨ ᠣᠷᠤᠭᠤᠯᠬᠤ ᠳᠤ ᠬᠠᠮᠤᠭ ᠭᠦᠴᠤ ᠪᠠᠨ ᠳᠠᠯᠪᠢᠵᠤ᠂ ᠪᠣᠰᠤᠳ ᠳᠠᠯ᠎ᠠ ᠶᠢᠨ ᠡᠩ ᠤᠨ ᠮᠠᠳᠠᠴᠠ ᠮᠡᠳᠡᠯᠭᠡ ᠶᠢᠨ ᠴᠢᠨᠠᠷᠳᠠᠢ ᠶᠠᠭᠤᠮᠠᠰ ᠢ ᠵᠢᠭᠠᠵᠤ ᠰᠤᠷᠭᠠᠬᠤ ᠶᠢ ᠣᠮᠳᠠᠭᠠᠢ᠌ᠯᠠᠬᠤ ᠪᠣᠶᠤ ᠬᠠᠶᠠᠭᠠᠨ ᠳᠠᠭᠠᠨ ᠬᠠᠶᠠᠬᠤ᠂ ᠭᠦᠩᠭᠡᠪᠴᠢᠯᠡᠭᠦ ᠥᠵᠡᠭ᠍ᠳᠡᠯ᠂ ᠢᠯᠠᠷᠠᠯ ᠭᠠᠷᠤᠭᠰᠠᠭᠠᠷ ᠢᠷᠠᠪᠠ᠃ ᠡᠨᠡ ᠨᠢ ᠡᠷᠭᠢᠭᠡᠳ ᠰᠤᠷᠤᠭᠴᠢᠳ ᠤᠨ ᠡᠷᠳᠡᠮ ᠪᠣᠯᠪᠠᠰᠤᠷᠠᠯ ᠢ ᠪᠦᠭᠦ ᠳᠠᠯ᠎ᠠ ᠪᠠᠷ ᠡᠵᠡᠮᠰᠢᠭᠦ ᠪᠣᠯᠤᠨ ᠡᠩ ᠤᠨ ᠦᠨᠳᠦᠰᠦᠨ ᠵᠣᠢ᠌ᠯᠠᠰ ᠤᠨ ᠮᠠᠳᠠᠴᠠ ᠮᠡᠳᠡᠯᠭᠡ ᠶᠢ ᠭᠦᠢᠴᠡᠳ ᠪᠦᠷᠢᠨ ᠡᠵᠡᠮᠰᠢᠭᠦ ᠶᠢ ᠬᠠᠷᠰᠢᠯᠠᠨ ᠰᠠᠭᠠᠳᠠᠭᠠᠬᠤ ᠭᠤᠤᠯ ᠡᠯᠧᠮᠧᠨ᠋ᠲ ᠪᠣᠯᠪᠠ᠃ ᠵᠢᠱᠢᠶᠠᠯᠠᠪᠠᠯ᠂ ᠵᠤᠬᠢᠶᠠᠨ ᠪᠢᠴᠢᠯᠭᠡ ᠶᠢᠨ ᠳᠠᠯ᠎ᠠ ᠪᠠᠷ ᠳᠠᠩ ᠭᠠᠭᠴᠠ ᠳᠡᠮᠳᠡᠭᠯᠡᠨ ᠳᠤᠭᠠᠴᠢᠭᠰᠠᠨ ᠵᠤᠬᠢᠶᠠᠯ ᠪᠣᠯᠤᠨ ᠪᠣᠰᠤᠳ ᠵᠤᠬᠢᠶᠠᠯ (ᠳᠦᠭᠦᠮ ᠰᠢᠭᠦᠮᠵᠢᠯᠡᠨ ᠥᠭᠦᠯᠡᠭ᠍ᠰᠡᠨ ᠵᠤᠬᠢᠶᠠᠯ ᠪᠣᠶᠤ ᠨᠠᠢ᠌ᠷᠠᠭᠤᠯᠤᠯ) ᠪᠢᠴᠢᠭᠦ ᠶᠢ ᠯᠠ ᠭᠤᠤᠯᠴᠢᠯᠠᠵᠤ᠂ ᠡᠩ ᠤᠨ ᠭᠡᠷᠡᠭᠯᠡᠭᠡᠨ ᠤ ᠵᠤᠬᠢᠶᠠᠯ ᠊᠊᠊᠊᠊᠊᠊᠊᠊᠊᠊᠊᠊᠊᠊ ᠡᠳᠦᠷ ᠤᠨ ᠳᠡᠮᠳᠡᠭᠯᠡᠯ᠂ ᠥᠭᠡ ᠥᠯᠡᠳᠡᠭᠡᠭᠦ ᠬᠠᠭᠤᠳᠠᠰᠤ᠂ ᠴᠢᠯᠦᠭᠡ ᠭᠤᠶᠤᠬᠤ ᠪᠢᠴᠢᠭ᠌᠂ ᠮᠡᠳᠡᠭ᠍ᠳᠡᠯ᠂ ᠭᠡᠷᠡᠴᠢ ᠪᠢᠴᠢᠭ᠌᠂ ᠪᠠᠷᠢᠮᠳᠠ ᠵᠡᠷᠭᠡ ᠶᠢ ᠪᠢᠴᠢᠭᠦ ᠶᠢ ᠣᠮᠳᠠᠭᠠᠢ᠌ᠯᠠᠭᠰᠠᠨ ᠡᠴᠡ᠂ ᠮᠠᠨ ᠤ ᠭᠢᠨ ᠤ ᠳᠤᠮᠳᠠ ᠠᠩᠬ᠎ᠠ ᠳᠤᠮᠳᠠᠳᠤ ᠪᠣᠶᠤ ᠦᠨᠳᠦᠷ ᠳᠤᠮᠳᠠᠳᠤ᠂ ᠴᠠᠭᠠᠰᠢᠯᠠᠨ ᠶᠡᠭᠡ ᠳᠡᠭᠡᠳᠤ ᠰᠤᠷᠭᠠᠭᠤᠯᠢ ᠳᠡᠭᠦᠰᠴᠢᠭᠡᠭᠡᠳ ᠪᠠᠰᠠ ᠡᠳᠦᠷ ᠤᠨ ᠳᠡᠮᠳᠡᠭᠯᠡᠯ᠂ ᠥᠭᠡ ᠥᠯᠡᠳᠡᠭᠡᠭᠦ ᠬᠠᠭᠤᠳᠠᠰᠤ᠂ ᠴᠢᠯᠦᠭᠡ ᠭᠤᠶᠤᠬᠤ ᠪᠢᠴᠢᠭ᠌᠂ ᠮᠡᠳᠡᠭ᠍ᠳᠡᠯ᠂ ᠭᠡᠷᠡᠴᠢ ᠪᠢᠴᠢᠭ᠌᠂ ᠪᠠᠷᠢᠮᠳᠠ ᠵᠡᠷᠭᠡ ᠵᠤᠬᠢᠶᠠᠯ ᠢ ᠪᠠᠷᠢᠮᠵᠢᠶ᠎ᠠ ᠱᠠᠭᠠᠷᠳᠠᠯᠭ᠎ᠠ ᠶᠤᠰᠤᠭᠠᠷ ᠨᠢ ᠳᠤᠭᠢᠳᠠᠢ ᠪᠢᠴᠢᠵᠤ ᠭᠠᠷᠭᠠᠵᠤ ᠴᠢᠳᠠᠬᠤ ᠦᠭᠡᠶ 《ᠡᠷᠳᠡᠮᠳᠡᠳ》 ᠣᠯᠠᠨ ᠢᠯᠠᠷᠠᠨ ᠭᠠᠷᠪᠠ᠃ ᠡᠭᠦᠨ ᠤ ᠭᠤᠤᠯ ᠰᠢᠯᠳᠠᠭᠠᠨ ᠨᠢ᠂ ᠪᠠᠭ᠎ᠠ ᠰᠤᠷᠭᠠᠭᠤᠯᠢ ᠳᠠᠭᠠᠨ ᠡᠩ ᠤᠨ ᠭᠡᠷᠡᠭᠯᠡᠭᠡᠨ ᠤ ᠵᠤᠬᠢᠶᠠᠯ ᠢ ᠳᠠᠮᠠᠢ ᠰᠠᠢ᠌ᠨ ᠪᠢᠴᠢᠵᠤ ᠪᠣᠯᠪᠰᠤᠷᠠᠭᠰᠠᠨ ᠦᠭᠡᠶ ᠪᠠᠢ᠌ᠭ᠎ᠠ ᠲᠡᠶ ᠰᠢᠭᠤᠳ ᠬᠤᠯᠪᠣᠭᠳᠠᠯ ᠲᠡᠶ ᠶᠤᠮ᠃ ᠮᠦᠨᠴᠤ ᠪᠠᠭ᠎ᠠ ᠰᠤᠷᠭᠠᠭᠤᠯᠢ ᠶᠢᠨ ᠵᠤᠬᠢᠶᠠᠨ ᠪᠢᠴᠢᠯᠭᠡ ᠳᠡᠭᠡᠨ ᠡᠩ ᠤᠨ ᠭᠡᠷᠡᠭᠯᠡᠭᠡᠨ ᠤ ᠵᠤᠬᠢᠶᠠᠯ ᠢ ᠭᠤᠤᠯᠴᠢᠯᠠᠨ ᠵᠢᠭᠠᠴᠢᠬᠠᠪᠠᠯ᠂ ᠡᠨᠡ ᠠᠰᠠᠭᠤᠳᠠᠯ ᠢ ᠰᠢ᠌ᠳᠪᠦᠷᠢᠯᠡᠴᠢᠭᠡᠭᠦ ᠶᠤᠮ᠃

ᠵᠤᠭᠢᠶᠠᠯ ᠤᠨ ᠰᠲ᠋ᠢᠯᠢ ᠶᠢᠨ ᠬᠤᠪᠢ ᠳᠤ᠂ ᠪᠠᠭ᠎ᠠ ᠰᠤᠷᠭᠠᠭᠤᠯᠢ ᠶᠢᠨ ᠰᠤᠷᠤᠭᠴᠢᠳ ᠵᠠᠷᠢᠮ ᠵᠣᠢ᠌ᠯᠠᠰ ᠢ ᠨᠢ ᠳᠠᠩᠳᠠ ᠬᠤᠤᠠᠬᠤᠭᠠᠤᠨ ᠪᠠᠢ᠌ᠳᠠᠭ᠃ ᠵᠢᠱᠢᠶᠠᠯᠠᠪᠠᠯ᠂ 《ᠥᠭᠡ ᠥᠯᠡᠳᠡᠭᠡᠭᠦ ᠬᠠᠭᠤᠳᠠᠰᠤ》 ᠪᠣᠯᠤᠨ 《ᠴᠢᠯᠦᠭᠡ ᠭᠤᠶᠤᠬᠤ ᠪᠢᠴᠢᠭ᠌》 ᠪᠢᠴᠢᠭᠦ ᠶᠢ ᠬᠤᠤᠠᠬᠤᠬᠤ 《ᠳᠦᠷᠦᠭ᠍ᠳᠡᠯ》 ᠪᠢᠴᠢᠭᠦ ᠪᠣᠯᠤᠨ 《ᠨᠤᠮ ᠣᠩᠰᠢᠭᠰᠠᠨ ᠳᠡᠮᠳᠡᠭᠯᠡᠯ》ᠪᠢᠴᠢᠭᠦ ᠶᠢ ᠬᠤᠤᠠᠬᠤᠬᠤ ᠵᠡᠷᠭᠡ ᠥᠵᠡᠭ᠍ᠳᠡᠯ᠂ ᠢᠯᠠᠷᠠᠯ ᠭᠠᠷᠤᠭᠠᠤᠨ ᠪᠠᠢ᠌ᠳᠠᠭ᠃ ᠡᠭᠦᠨ ᠢ ᠪᠠᠭᠰᠢ ᠨᠡᠷ ᠠᠩᠬᠠᠷᠤᠯ ᠳᠠᠭᠠᠨ ᠢᠯᠡᠭᠦᠤ ᠠᠪᠬᠤ ᠭᠡᠷᠡᠭ᠍ᠳᠡᠢ᠃ ᠵᠤᠬᠢᠶᠠᠯ ᠪᠢᠴᠢᠭᠦᠯᠭᠦ ᠪᠣᠶᠤ ᠪᠣᠯᠪᠠᠰᠤᠷᠠᠯ᠂ ᠳᠠᠰᠬᠠᠯ ᠭᠢᠭᠦ ᠶᠠᠪᠣᠴᠠ ᠳᠠᠭᠠᠨ ᠡᠳᠡᠭᠡᠷ ᠤᠨ ᠬᠤᠭᠤᠷᠤᠠᠳᠤᠭᠢ ᠤᠢ᠌ᠷᠠᠯᠴᠠᠭ᠎ᠠ ᠪᠣᠶᠤ ᠢᠯᠭᠠᠭ᠎ᠠ ᠲᠡᠶ ᠵᠦᠷᠢᠶ᠎ᠠ ᠲᠡᠶ ᠳᠠᠯ᠎ᠠ ᠶᠢ ᠨᠢ ᠳᠤᠳᠤᠷᠬᠠᠢ ᠮᠡᠳᠡᠭᠦᠯᠵᠤ ᠳᠠᠨᠢᠭᠤᠯᠬᠤ ᠭᠡᠷᠡᠭ᠍ᠳᠡᠢ᠃ ᠡᠳᠡᠭᠡᠷ ᠤᠨ ᠤᠢ᠌ᠷᠠᠯᠴᠠᠭ᠎ᠠ ᠪᠣᠶᠤ ᠢᠯᠭᠠᠭ᠎ᠠ ᠲᠡᠶ ᠵᠦᠷᠢᠶ᠎ᠠ ᠲᠡᠶ ᠳᠠᠯ᠎ᠠ ᠶᠢ ᠳᠠᠷᠣᠢ᠌ᠬᠠᠨ ᠶᠢᠡᠨ ᠮᠡᠳᠡᠭᠦᠯᠵᠤ ᠳᠠᠨᠢᠭᠤᠯᠴᠢᠬᠠᠪᠠᠯ᠂ ᠬᠤᠵᠢᠮ ᠳᠠᠭᠠᠨ ᠬᠤᠤᠠᠬᠤᠵᠤ ᠡ᠊ᠨᠳᠡᠭᠦᠷᠭᠦ ᠶᠠᠪᠣᠳᠠᠯ ᠳᠠᠭᠢᠵᠤ ᠶᠠᠷᠤ ᠭᠠᠷᠬᠤ ᠦᠭᠡᠶ ᠨᠢ ᠯᠠᠪᠳᠠᠢ ᠶᠤᠮ︕

ᠪᠠᠭ᠎ᠠ ᠰᠤᠷᠭᠠᠭᠤᠯᠢ ᠳᠤ ᠵᠤᠬᠢᠶᠠᠨ ᠪᠢᠴᠢᠯᠭᠡ ᠵᠢᠭᠠᠬᠤ ᠠᠵᠢᠯ ᠪᠣᠯ ᠨᠢᠭᠡᠨ ᠣᠷᠳᠤ ᠣᠳᠠᠭᠠᠨ ᠴᠢᠨᠠᠷᠳᠠᠢ ᠮᠥᠷᠳᠡᠭᠡᠨ ᠨᠠᠷᠢᠨ ᠪᠣᠳᠠᠯᠢᠶᠠᠠᠳᠤ ᠴᠢᠨᠠᠷᠳᠠᠢ ᠠᠵᠢᠯ ᠪᠣᠯᠬᠤ ᠶᠤᠮ᠃ ᠣᠷᠳᠤ ᠣᠳᠠᠭᠠᠨ ᠴᠢᠨᠠᠷᠳᠠᠢ ᠭᠡᠳᠡᠭ᠌ ᠨᠢ ᠳᠡᠭᠦᠨ ᠤ ᠵᠢᠭᠠᠬᠤ ᠳᠤ ᠭᠡᠷᠡᠭ᠍ᠰᠡᠭᠦ ᠴᠠᠭ ᠬᠤᠭᠤᠴᠠᠭ᠎ᠠ ᠪᠣᠯᠤᠨ ᠶᠠᠪᠣᠴᠠ ᠶᠢ ᠵᠢᠭᠠᠵᠤ ᠪᠠᠢ᠌ᠭ᠎ᠠ ᠶᠤᠮ᠃ ᠨᠠᠷᠢᠨ ᠪᠣᠳᠠᠯᠢᠶᠠᠠᠳᠤ ᠴᠢᠨᠠᠷᠳᠠᠢ ᠭᠡᠳᠡᠭ᠌ ᠨᠢ ᠳᠡᠭᠦᠨ ᠤ ᠳᠤᠳᠤᠭᠠᠳᠤ ᠠᠭᠤᠯᠠᠭᠳᠠᠴᠠ ᠊᠊᠊᠊᠊᠊᠊᠊᠊᠊᠊᠊᠊᠊᠊ ᠲᠦᠷᠦᠯ᠂ ᠰᠲ᠋ᠢᠯᠢ ᠶᠢᠨ ᠭᠢᠨᠢ ᠣᠯᠠᠨ ᠳᠠᠯᠠᠳᠤ ᠰᠢᠠᠵᠢ ᠪᠣᠯᠤᠨ ᠣᠠᠴᠠᠯᠢᠭ᠂ ᠭᠡᠯᠪᠠᠷᠢ ᠶᠢᠨ ᠭᠢᠨᠢ ᠣᠯᠠᠷᠢᠭᠠᠨ ᠬᠤᠪᠢᠷᠠᠭᠠᠠᠳᠤ ᠰᠢᠠᠵᠢ ᠴᠢᠨᠠᠷ ᠢ ᠵᠢᠭᠠᠵᠤ ᠪᠠᠢ᠌ᠭ᠎ᠠ ᠶᠤᠮ᠃ ᠪᠠᠭᠰᠢ ᠨᠡᠷ ᠪᠠᠭ᠎ᠠ ᠰᠤᠷᠭᠠᠭᠤᠯᠢ ᠶᠢᠨ ᠵᠤᠬᠢᠶᠠᠨ ᠪᠢᠴᠢᠯᠭᠡ ᠶᠢᠨ ᠭᠢᠴᠢᠶᠡᠯᠯᠡᠭᠡ ᠶᠢᠨ ᠡᠨᠡᠭᠦ ᠣᠷᠳᠤ ᠣᠳᠠᠭᠠᠨ ᠴᠢᠨᠠᠷᠳᠠᠢ ᠮᠥᠷᠳᠡᠭᠡᠨ ᠨᠠᠷᠢᠨ ᠪᠣᠳᠠᠯᠢᠶᠠᠠᠳᠤ ᠴᠢᠨᠠᠷᠳᠠᠢ ᠣᠠᠴᠠᠯᠢᠭ᠂ ᠰᠢᠠᠵᠢ ᠴᠢᠨᠠᠷ ᠢ ᠭᠦᠢᠴᠡᠳ ᠳᠠᠨᠢᠵᠤ ᠠᠪᠬᠤ ᠭᠡᠷᠡᠭ᠍ᠳᠡᠢ᠃ ᠡᠭᠦᠨ ᠢ ᠭᠦᠢᠴᠡᠳ ᠳᠠᠨᠢᠴᠢᠬᠠᠪᠠᠯ᠂ ᠵᠤᠭᠢᠶᠠᠨ ᠪᠢᠴᠢᠯᠭᠡ ᠶᠢ ᠭᠡᠵᠢᠶ᠎ᠡ᠂ ᠬᠠᠮᠢᠭᠠᠨ ᠡᠴᠡ ᠨᠢ᠂ ᠶᠠᠭᠠᠭᠢᠵᠤ ᠵᠢᠭᠠᠭᠰᠠᠨ ᠴᠤ ᠭᠦᠴᠢᠷᠳᠡᠵᠤ ᠳᠡᠪᠳᠦᠭᠦ ᠣᠴᠢᠷ ᠦᠭᠡᠶ ᠪᠣᠯᠴᠢᠬᠠᠬᠤ ᠶᠤᠮ ᠪᠢᠯᠠ︕


2010.03.31. ᠬᠦᠬᠡᠬᠤᠲᠠᠨ᠎ᠡ


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3239
ᠴᠠᠭ᠄ 2010 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ