ᠨᠡᠪᠲᠡᠷᠡᠨ ᠤᠷᠤᠬᠤ
ᠰᠠᠷᠠᠨ ᠳᠡᠭᠡᠷ᠎ᠡ ᠭᠠᠷ ᠭᠦᠷᠭᠦ ᠶᠢ ᠰᠠᠨᠠᠯ᠎ᠠ

ᠰᠠᠷᠠᠨ ᠳᠡᠭᠡᠷ᠎ᠡ ᠪᠢ ᠭᠠᠷ ᠭᠦᠷᠭᠦ ᠶᠢ ᠰᠠᠨᠠᠯ᠎ᠠ

ᠰᠠᠢ᠌ᠬᠠᠨ ᠬᠠᠰ ᠤᠨ ᠬᠠᠴᠠᠷ ᠢ ᠨᠢ ᠦᠨᠦᠰᠴᠤ ᠥᠵᠡᠭᠦ ᠶᠢ ᠳᠤᠷᠠᠯᠠᠯ᠎ᠠ

ᠰᠡᠯᠡᠭᠦᠨ ᠰᠦᠨᠢ ᠶᠢᠨ ᠮᠦᠷᠦᠭᠡᠳᠦᠯ ᠳᠤ ᠰᠤᠷᠮᠤᠰᠤ ᠴᠠᠪᠴᠢᠯᠠᠨ ᠳᠡᠷᠭᠡᠯᠰᠢᠭᠡᠳ

ᠰᠠᠪ ᠦᠭᠡᠶ ᠴᠡᠪᠠᠷᠭᠡᠨ ᠳᠤᠷᠠᠯᠠᠯ ᠢ ᠰᠡᠳᠭᠢᠯ ᠳᠡᠭᠡᠷ᠎ᠡ ᠮᠢᠨᠢ ᠪᠦᠮᠪᠦᠷᠢᠭᠦᠯᠤᠨ᠎ᠡ


ᠰᠠᠷᠠᠨ ᠳᠡᠭᠡᠷ᠎ᠡ ᠪᠢ ᠭᠠᠷ ᠭᠦᠷᠭᠦ ᠶᠢ ᠰᠠᠨᠠᠯ᠎ᠠ

ᠰᠠᠨᠠᠭᠠᠨ ᠤ ᠶᠡᠭᠡ ᠣᠤᠠᠬ᠎ᠠ ᠶᠢ ᠢᠷᠠᠵᠤ ᠥᠵᠡᠭᠦ ᠶᠢ ᠵᠤᠷᠢᠯ᠎ᠠ

ᠪᠠᠶᠠᠷᠯᠠᠬᠤ ᠳᠠᠭᠠᠨ ᠳᠡᠷᠭᠡᠯᠰᠢᠵᠤ ᠪᠠᠯᠳᠠᠬᠤ ᠳᠠᠭᠠᠨ ᠭᠡᠯᠳᠡᠷᠳᠡᠭ᠌

ᠪᠠᠢ᠌ᠭᠠᠯᠢ ᠶᠢᠨ ᠣᠶᠠᠬᠠᠨ ᠰᠠᠷᠠᠨ ᠤ ᠴᠡᠯᠮᠡᠭᠦᠨ ᠭᠡᠷᠡᠯ ᠢ ᠳᠤᠷᠠᠰᠤᠨ᠎ᠠ


ᠰᠠᠷᠠᠨ ᠳᠡᠭᠡᠷ᠎ᠡ ᠪᠢ ᠭᠠᠷ ᠭᠦᠷᠭᠦ ᠶᠢ ᠰᠠᠨᠠᠯ᠎ᠠ

ᠽᠡᠮᠪᠦᠯᠢᠭ᠌ ᠢ ᠡᠯᠢᠭᠡᠨ ᠳᠡᠭᠡᠨ ᠳᠠᠪᠠᠷᠢᠵᠤ ᠥᠵᠡᠭᠦ ᠶᠢ ᠭᠤᠷᠢᠯᠤᠯ᠎ᠠ

ᠵᠢᠷᠭᠠᠯ ᠢ ᠭᠡᠷᠪᠡ ᠣᠭᠤᠰᠤᠷᠯᠠᠴᠢᠬᠠᠭᠠᠤᠨ ᠵᠡᠭᠦᠵᠤ ᠪᠣᠯᠳᠠᠭ ᠪᠣᠯ

ᠵᠢᠮᠢᠰᠤᠨ ᠰᠠᠷᠠ ᠶᠢᠨ ᠶᠢᠡᠨ ᠭᠦᠵᠦᠭᠦᠨ ᠳᠤ ᠪᠢ ᠰᠤᠠᠳᠤᠷ ᠪᠣᠯᠭᠠᠵᠤ ᠡᠯᠭᠦᠨ᠎ᠡ᠃


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠬᠤᠧᠨ ᠰᠢᠶᠠ ᠠᠵᠢᠯ ᠮᠡᠷᠭᠡᠵᠢᠯ ᠤᠨ ᠰᠤᠷᠭᠠᠭᠤᠯᠢ

ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2624
ᠴᠠᠭ᠄ 2010 ᠤᠨ ᠤ 10 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ