ᠨᠡᠪᠲᠡᠷᠡᠨ ᠤᠷᠤᠬᠤ
ᠨᠡᠭᠦᠳᠡᠯ

ᠨᠡᠭᠦᠳᠡᠯ ᠳᠠᠭᠠᠨ ᠪᠦᠮᠪᠦᠷᠢᠭᠦ ᠨᠢᠭᠡᠨ ᠳᠤᠰᠤᠯ ᠨᠢᠯᠪᠣᠰᠤ

ᠨᠠᠢ᠌ᠷᠠᠭ ᠳᠡᠪᠳᠦᠭᠡᠭᠦ ᠮᠢᠩᠭ᠋ᠠᠨ ᠨᠠᠮᠤᠷ ᠤᠨ ᠳᠤᠷᠠᠰᠤᠮᠵᠢ

ᠬᠤᠯᠠᠨ ᠰᠢᠷᠭᠠᠯ ᠰᠠᠯᠭᠢᠨ ᠨᠠᠪᠴᠢᠰ ᠳᠡᠷᠪᠠᠭᠦᠯᠤᠨ ᠴᠡᠴᠡᠷᠡᠭᠦᠯᠵᠤ

ᠬᠤᠨ ᠤ ᠨᠣᠢ᠌ᠳᠤᠨ ᠡᠭᠡᠰᠢᠭ᠌ ᠨᠠᠭᠤᠷ ᠣᠰᠤᠨ ᠵᠠᠢ᠌ᠷᠳᠠᠭᠤᠯᠵᠤ

ᠭᠡᠪᠠᠷᠢᠭ᠌ ᠨᠡᠮᠡᠭᠦᠨ ᠭᠢᠷᠠᠭᠤ ᠡᠪᠠᠰᠤ ᠮᠤᠳᠤᠨ ᠳᠤ ᠠᠯᠳᠠᠷᠠᠵᠤ

ᠬᠤᠯᠠ ᠶᠢᠨ ᠳᠡᠷᠭᠡᠯ ᠨᠤᠳᠤᠭ ᠶᠢᠡᠨ ᠥᠭᠡᠢ᠌ᠯᠡᠨ ᠰᠠᠨᠠᠵᠤ ᠣᠶᠠᠰᠬᠤ

ᠬᠤᠩᠭ᠋ᠤᠷᠬᠠᠨ ᠨᠠᠮᠤᠷ ᠤᠨ ᠪᠣᠷᠤᠠᠬᠠᠨ ᠡᠨᠡ ᠡᠳᠦᠷ

ᠬᠠᠢ᠌ᠷ᠎ᠠ ᠶᠢᠨ ᠬᠠᠢ᠌ᠷ᠎ᠠ ᠲᠡᠶ ᠴᠢ ᠮᠢᠨᠢ

ᠴᠠᠭᠢᠯᠳᠠᠭ ᠭᠦᠭᠡᠷᠡᠭ᠍ᠰᠡᠨ ᠭᠦᠭᠡ ᠨᠤᠳᠤᠭ ᠡᠴᠡ ᠪᠠᠨ ᠰᠠᠯᠵᠤ

ᠴᠠᠭᠠᠨ᠎ᠠ ᠡᠴᠡ ᠪᠠᠨ ᠢᠨᠠᠭᠰᠢᠭᠰᠠᠨ ᠨᠠᠢ᠌ᠵᠠ ᠨᠥᠭᠦᠤᠨ ᠡᠴᠡ ᠪᠠᠨ ᠠᠶᠠᠷᠯᠠᠵᠤ

ᠽᠠᠠᠳᠠᠨ ᠨᠠᠰᠤᠨ ᠤ ᠳᠤᠷᠠᠯᠠᠯ ᠬᠠᠢ᠌ᠷ᠎ᠠ ᠪᠠᠨ ᠡ᠊ᠨᠳᠡ ᠮᠠᠨᠠᠵᠤ ᠣᠷᠭᠢᠭᠠᠤᠨ

ᠴᠠᠯ ᠵᠠᠯᠠᠭᠤ ᠶᠢᠨ ᠳᠤᠷᠠᠰᠤᠯ ᠮᠥᠷᠦᠭᠡᠳᠦᠯ ᠶᠢᠠᠷ ᠶᠢᠡᠨ ᠡ᠊ᠨᠳᠡ ᠡᠴᠡ ᠬᠤᠷᠮᠤᠢ᠌ᠯᠠᠭᠠᠤᠨ

ᠡ᠊ᠨᠳᠡ ᠡᠴᠡ ᠴᠢ ᠨᠡᠭᠦᠯ᠎ᠡ

ᠶᠠᠪᠣᠬᠤ ᠶᠢᠨ ᠳᠠᠷᠠ ᠠᠯᠳᠠᠨ ᠬᠤᠷᠤᠮ ᠳ᠋ᠤ

ᠢᠯᠳᠠᠮᠬᠠᠨ ᠭᠤᠴᠤ ᠢᠨᠢᠶᠠᠵᠤ ᠪᠠᠢ᠌ᠯ᠎ᠠ ᠴᠤ ᠴᠢ

ᠶ‍ᠭᠤ ᠨᠢᠭᠡᠨ ᠳᠤ ᠡᠯᠢᠭᠡ ᠳᠠᠳᠠᠯᠵᠠᠭᠰᠠᠭᠠᠷ ᠡ᠊ᠨᠳᠡ ᠡᠴᠡ ᠨᠡᠭᠦᠯ᠎ᠡ

ᠨᠡᠭᠡᠵᠤ ᠭᠦᠢᠴᠡᠭᠦ ᠦᠭᠡᠶ ᠨᠡᠭᠦᠳᠡᠯ ᠤᠨ ᠴᠢᠨᠢ ᠠᠷᠤ ᠡᠴᠡ

ᠨᠢᠭᠡ ᠭᠦᠮᠤᠨ ᠨᠢᠳᠤ ᠳᠦᠭᠦᠷᠡᠩ ᠨᠢᠯᠪᠣᠰᠤᠷᠠᠨ

ᠨᠢᠭᠤᠴᠠᠬᠠᠢ ᠬᠠᠢ᠌ᠷ᠎ᠠ ᠢᠴᠢᠮᠡᠳᠡᠭᠡᠢ ᠳᠤᠷᠠᠯᠠᠯ ᠵᠢᠠᠨ

ᠨᠢᠮᠭᠡᠨ ᠭᠡᠢ᠌ᠪᠠᠷ ᠡᠭᠦᠯᠡᠰ ᠲᠤ ᠵᠠᠭᠢᠵᠤ ᠡ᠊ᠨᠳᠡ ᠪᠠᠨ ᠬᠤᠴᠤᠷᠤᠯ᠎ᠠ

ᠨᠢᠭᠡ ᠵᠠᠮ ᠳᠠᠭᠠᠨ ᠰᠠᠢ᠌ᠨ ᠶᠠᠪᠣᠭᠠᠷᠠᠢ ᠭᠡᠵᠤ ᠪᠠᠯᠭᠡᠰᠢᠶᠡᠵᠤ

ᠨᠠᠢ᠌ᠷᠠᠭ ᠤᠨ ᠰᠠᠴᠤᠯᠠᠢ ᠳᠠᠭᠠᠨ ᠦᠯᠵᠡᠢ ᠬᠤᠷᠣᠢ᠌ᠯᠠᠨ

ᠴᠢᠮ᠎ᠠ ᠪᠠᠨ ᠮᠤᠷᠳᠠᠭᠤᠯᠤᠯ᠎ᠠ᠁

ᠶᠠᠭᠠᠭᠢᠬᠤᠪ ᠳ᠋ᠠ᠂ ᠳᠡᠭᠦᠦᠳᠡᠢ ᠮᠢᠨᠢ︕

ᠶᠠᠪᠣᠬᠤ ᠶᠢᠨ ᠴᠢᠨᠢ ᠳᠠᠷᠠ ᠣᠶᠠᠷᠠᠯᠳᠤ ᠮᠦᠴᠡ ᠳ᠋ᠤ

ᠶᠠᠳᠠᠬᠤ ᠳᠠᠭᠠᠨ ᠨᠢᠭᠡ ᠥᠭᠡᠨ ᠤ ᠴᠤ ᠪᠠᠯᠡᠭ᠌ ᠦᠭᠡᠶ ᠵᠢ

ᠠᠭᠤᠴᠢᠯᠠ︕ ᠠᠭᠤᠴᠢᠯᠠ︕

ᠵᠢᠷᠦᠭᠡ ᠵᠦᠰᠤᠨ ᠭᠠᠩᠭ᠋ᠠᠨᠠᠯᠳᠠᠬᠤ ᠭᠠᠯᠠᠭᠤᠳ ᠤᠨ ᠪᠣᠴᠠᠬᠤ ᠰᠤᠷᠠᠭ ᠵᠢᠠᠷ

ᠵᠤᠷᠢᠭ ᠭᠠᠷᠭᠠᠵᠤ ᠴᠢᠨᠤ ᠰᠠᠭᠤᠴᠠ ᠶᠢᠨ ᠡᠮᠦᠨᠡᠭᠢ

ᠬᠠᠢ᠌ᠯᠠᠰᠤᠨ ᠮᠤᠳᠤᠨ ᠤ ᠬᠠᠵᠠᠭᠤ ᠳᠤ ᠭᠦᠷᠭᠦ ᠳ᠋ᠤ

ᠭᠡᠯᠡᠵᠤ ᠠᠮᠵᠢᠭ᠎ᠠ ᠦᠭᠡᠶ ᠴᠢᠨᠤ ᠣᠯᠠᠨ ᠥᠭᠡᠰ

ᠠᠮᠠᠷᠠᠭ ᠵᠢᠮᠢᠰ ᠮᠠᠳᠤ ᠰᠠᠯᠠᠭ᠎ᠠ ᠳᠦᠭᠦᠷᠡᠩ ᠡᠯᠭᠦᠭ᠍ᠳᠡᠵᠤ ᠪᠠᠢ᠌ᠯ᠎ᠠ

ᠢᠵᠢᠯᠢ ᠪᠠᠨ ᠥᠭᠡᠢ᠌ᠯᠡᠨ ᠣᠶᠠᠭ᠎ᠠ ᠳᠤᠭᠤᠷᠢᠨ ᠥᠤᠷᠰᠡᠭᠦ

ᠣᠩᠭ᠋ᠤᠨ ᠰᠠᠷᠠᠯ ᠤᠨ ᠣᠷᠳᠤᠬᠠᠨ ᠢᠠᠴᠠᠭ᠎ᠠ ᠪᠠᠷ

ᠢᠷᠡᠭ᠍ᠰᠡᠨ ᠵᠠᠮ ᠶᠢᠡᠷ ᠶᠢᠡᠨ ᠡᠷᠭᠢᠭᠡᠳ ᠪᠣᠴᠠᠬᠤ ᠳ᠋ᠤ

ᠠᠢ ᠳ᠋ᠠ ᠭᠦᠭᠡᠷᠦᠭᠦᠢ︕ ᠰᠡᠳᠭᠢᠯ ᠳᠠᠩᠳᠠ ᠬᠤᠭᠤᠰᠤᠨ ᠪᠠᠢ᠌ᠯ᠎ᠠ

ᠨᠠᠮᠤᠷ ᠤᠨ ᠨᠠᠮᠤᠷ ᠲᠠᠭᠠᠨ ᠳᠤᠷᠠᠰᠴᠤ ᠶᠠᠪᠣᠭᠠᠷᠠᠢ︕

ᠨᠠᠢ᠌ᠷ ᠲᠤ ᠰᠢᠯᠳᠠᠨ ᠨᠠᠳᠠᠳᠤ ᠪᠠᠨ ᠭᠡᠵᠤ ᠳᠠᠭᠤᠯᠠᠭᠰᠠᠨ

ᠡᠨᠡ ᠰᠠᠢ᠌ᠬᠠᠨ ᠳᠠᠭᠤᠤ ᠶᠢ ᠴᠢᠨᠢ

ᠦᠨᠦ ᠰᠦᠨᠢ ᠰᠡᠳᠭᠢᠯ ᠳᠤᠳᠤᠷ ᠭᠠᠭᠴᠠᠭᠠᠷ ᠭᠢᠩᠰᠢᠨ ᠵᠤᠭᠰᠤᠬᠤ ᠳ᠋ᠤ

ᠨᠠᠮᠤᠷ ᠤᠨ ᠨᠠᠷᠢᠨ ᠪᠣᠷᠤᠭᠠᠨ ᠪᠣᠳᠤᠯ ᠳᠡᠭᠡᠭᠦᠷ ᠱᠠᠭᠢᠵᠤ ᠯᠠ ᠪᠠᠢ᠌ᠯ᠎ᠠ᠁

ᠴᠠᠭ ᠤᠨ ᠡᠯᠡᠭ᠍ᠳᠡᠯ ᠣᠨ ᠤ ᠣᠷᠤᠰᠬᠠᠯ ᠳ᠋ᠤ

ᠴᠢ ᠨᠠᠮ᠎ᠠ ᠶᠢ ᠪᠠᠨ ᠮᠠᠷᠳᠠᠵᠤ ᠮᠡᠳᠡᠭᠦ ᠶᠤᠮ ᠡ

ᠴᠢᠩᠭᠢᠯ᠎ᠠ ᠭᠡᠳ ᠶᠠᠭᠠᠭᠢᠬᠤ ᠪᠣᠢ ᠳ᠋ᠠ

ᠴᠢᠮ᠎ᠠ ᠲᠡᠶ ᠪᠠᠨ ᠬᠠᠮᠳᠤ ᠪᠠᠢ᠌ᠯᠴᠠᠭᠰᠠᠨ ᠡᠳᠦᠷ ᠬᠤᠨᠤᠭ ᠤᠳ ᠯᠠ

ᠰᠠᠷᠠ ᠲᠡᠶ ᠰᠦᠨᠢ ᠶᠢᠨ ᠭᠦᠭ᠍ᠵᠢᠮ ᠰᠢᠤᠬᠠᠨ

ᠰᠦᠨᠢ ᠶᠢᠨ ᠵᠡᠭᠦᠳᠤᠨ ᠢ ᠪᠦᠤᠪᠠᠢ᠌ᠯᠠᠵᠤ ᠢᠷᠠᠭᠤᠰᠠᠬᠤ ᠶᠤᠮ ᠡ

ᠰᠠᠨᠠᠬᠤ ᠶᠢᠨ ᠰᠠᠢ᠌ᠬᠠᠨ ᠡᠮᠵᠡᠭ᠌ ᠳᠤᠷᠠᠰᠤᠯ ᠳ᠋ᠤ

ᠰᠠᠷᠠᠨ ᠴᠡᠮᠴᠡᠭᠡᠷ ᠴᠢᠨᠤ ᠭᠠᠯᠪᠢᠷ ᠭᠡᠵᠢᠶᠡᠳᠡ ᠳᠤᠷᠮᠣᠢ᠌ᠬᠤ ᠶᠤᠮ ᠡ


ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ ᠭᠢᠶᠠᠨ ᠠᠵᠢᠨᠠᠢ

ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2625
ᠴᠠᠭ᠄ 2009 ᠤᠨ ᠤ 05 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ