ᠨᠡᠪᠲᠡᠷᠡᠨ ᠤᠷᠤᠬᠤ
ᠳᠠᠩᠴᠤ ᠳᠡᠨᠡᠭ᠌ ᠦᠬᠢᠨ ᠳᠡᠭᠦᠤ ᠮᠢᠨᠢ

ᠳᠡᠨᠡᠭ᠌ ᠡ︕

ᠳᠠᠩᠴᠤ ᠳᠡᠨᠡᠭ᠌ ᠦᠬᠢᠨ ᠳᠡᠭᠦᠤ ᠮᠢᠨᠢ

ᠬᠤᠷᠸ᠎ᠠ ᠳᠤ ᠡᠨᠡᠷᠢᠯ ᠤᠨ ᠳᠡᠭ᠍ᠷᠢ ᠪᠣᠯᠤᠭᠰᠠᠨ

ᠪᠣᠭᠤᠷᠤᠯ ᠡᠵᠢ ᠪᠠᠨ ᠣᠷᠭᠢᠵᠤ

ᠪᠦᠯᠢᠶᠡᠨ ᠠᠮᠢᠰᠬᠤᠯ ᠶᠢᠡᠨ ᠬᠤᠷᠢᠶᠠᠵᠤ

ᠪᠦᠳᠤᠨ ᠬᠠᠢ᠌ᠷ᠎ᠠ ᠲᠡᠶ ᠦᠷ᠎ᠡ ᠪᠠᠨ

ᠶᠠᠭᠤᠨ ᠳᠤ ᠥᠨᠦᠴᠢᠷᠡᠭᠦᠯᠪᠡ︖

ᠠᠷᠢᠭᠤᠨ ᠴᠤᠭᠴᠠ ᠡᠯᠢᠭᠡ ᠵᠢᠷᠦᠭᠡᠨ ᠳᠤ ᠴᠢᠨᠢ

ᠠᠮᠠ ᠭᠡᠯᠡ ᠪᠠᠷ ᠭᠠᠷᠬᠤ ᠥᠭᠡᠢ

ᠠᠶᠤᠯ ᠵᠤᠪᠠᠯᠠᠩ ᠴᠢᠨᠠᠵᠤ ᠪᠠᠢ᠌ᠭᠰᠠᠨ ᠢ ᠮᠡᠳᠡᠭ᠍ᠰᠡᠨ ᠪᠢᠯᠢᠤ︕

ᠠᠬ᠎ᠠ ᠳᠡᠭᠦᠤ ᠪᠠᠨ ᠡᠷᠢᠵᠤ ᠪᠣᠯᠤᠰᠢ ᠥᠭᠡᠢ

ᠠᠶᠤᠤᠯᠢᠬᠠᠢ ᠳᠤ ᠴᠢᠨᠢ ᠳᠤᠨᠤᠭᠰᠠᠨ ᠭᠤᠳᠤᠷᠠᠯ

ᠠᠮᠢ ᠪᠠᠶ᠎ᠠ  ᠪᠠᠨ ᠬᠤᠷᠤᠭᠠᠬᠤ ᠨᠢᠭᠤᠴᠠ ᠪᠠᠢ᠌ᠭᠰᠠᠨ ᠭᠡᠵᠢ ᠦᠦ︖

ᠳᠡᠨᠡᠭ᠌ ᠡ︕

ᠳᠡᠩᠴᠤ ᠲ᠋ᠡᠨᠡᠭ᠌ ᠦᠬᠢᠨ ᠳᠡᠭᠦᠤ ᠮᠢᠨᠢ

ᠠᠷᠢᠭᠤᠨ ᠭᠦᠳᠡᠯᠮᠦᠷᠢ ᠪᠠᠷ ᠪᠣᠰᠬᠠᠭᠰᠠᠨ

ᠠᠷᠤ ᠭᠡᠷ ᠠᠳᠤᠭᠤ ᠮᠠᠯ ᠤᠨ ᠦᠨᠦᠴᠢᠷᠠᠯ

ᠠᠯᠳᠠᠨ ᠰᠢᠷᠤᠢ ᠨᠤᠳᠤᠭ ᠣᠰᠤᠨ ᠤ ᠡᠵᠡᠭᠦᠢᠷᠡᠯ

ᠠᠬ᠎ᠠ ᠳᠡᠭᠦᠤ ᠡᠯᠢᠭᠡᠨ ᠰᠠᠳᠤᠨ ᠤ ᠨᠢᠯᠪᠣᠰᠤᠷᠠᠯ

ᠠᠵᠢᠭ ᠦᠭᠡᠶ ᠡᠨᠡ ᠪᠦᠭᠦᠨ ᠡᠴᠡ

ᠠᠷᠯᠠᠬᠤ ᠴᠢᠨᠢ ᠶᠠᠭᠤ ᠪᠢᠯᠠ ᠳᠡᠭᠦᠤ ᠮᠢᠨᠢ︕

ᠳᠡᠨᠡᠭ᠌ ᠡ︕

ᠳᠠᠩᠴᠤ ᠳᠡᠨᠡᠭ᠌ ᠦᠬᠢᠨ ᠳᠡᠭᠦᠤ ᠮᠢᠨᠢ︕

ᠠᠮᠢᠳᠤᠷᠠᠯ ᠬᠠᠢ᠌ᠷ᠎ᠠ ᠳᠡᠭᠡᠷ᠎ᠡ ᠳᠤᠭᠳᠠᠳᠠᠭ ᠪᠠᠢ᠌ᠵᠤ ᠳᠠᠭᠠᠷᠠᠨ᠎ᠠ︕

ᠠᠯᠳᠠᠬᠤ ᠣᠨᠠᠬᠤ ᠪᠣᠯ ᠠᠮᠢᠳᠤᠷᠠᠯ ᠤᠨ ᠵᠢᠮ᠎ᠠ ᠪᠠᠢ᠌ᠵᠤ ᠳᠠᠭᠠᠷᠠᠨ᠎ᠠ︕

ᠠᠯᠠᠭ ᠡᠷᠢᠶᠡᠨ ᠡᠴᠡ ᠳᠡᠭᠡᠵᠤ ᠠᠶᠤᠵᠤ ᠴᠥᠭᠦᠷᠡᠭᠦ ᠶᠠᠭᠤ ᠪᠣᠯᠪᠠ︕

ᠡᠷᠡᠭᠦᠯ ᠪᠠᠶ᠎ᠠ ᠪᠠᠨ ᠦᠪᠡᠷ ᠵᠢᠠᠨ

ᠡᠷᠯᠢᠭ᠌ ᠲᠤ ᠭᠦᠳᠦᠯᠭᠦ ᠪᠠᠯᠠᠷ ᠣᠬᠠᠭᠠᠨ

ᠡᠰᠡᠷᠭᠦ ᠪᠣᠳᠤᠯ ᠬᠠᠮᠢᠭ᠎ᠠ ᠡᠴᠡ ᠡᠭᠦᠰᠪᠡ︕

ᠳᠡᠨᠡᠭ᠌ ᠡ︕

ᠳᠠᠩᠴᠤ ᠳᠡᠨᠡᠭ᠌ ᠦᠬᠢᠨ ᠳᠡᠭᠦᠤ ᠮᠢᠨᠢ

ᠡᠮᠭᠡᠨᠢᠯ ᠭᠤᠮᠤᠳᠠᠯ ᠴᠠᠭᠯᠠᠰᠢ ᠦᠭᠡᠶ︕

ᠡᠩᠭᠡ ᠪᠣᠰᠤ ᠬᠤᠷᠸ᠎ᠠ ᠶᠢᠨ ᠭᠡᠯᠡ

ᠰᠢᠭᠤᠷᠠᠭᠠᠤᠨ ᠳᠤᠭᠳᠠᠰᠢ ᠥᠭᠡᠢ

ᠡᠭᠡ ᠡᠭᠡᠴᠢ ᠨᠡᠷ ᠴᠢᠨᠢ ᠴᠢᠮᠢ᠋ᠢ ᠪᠠᠷ ᠳᠤᠳᠠᠪᠠ︕

ᠡᠵᠡᠨ ᠦᠭᠡᠶ ᠥᠭᠡ ᠣᠢ᠌ᠯᠠ ᠳᠤ

ᠠᠬ᠎ᠠ ᠨᠡᠷ ᠴᠢᠨᠢ ᠰᠡᠭᠦᠷᠢᠰᠦᠯᠡᠪᠡ︕

ᠳᠡᠨᠡᠭ᠌ ᠡ︕

ᠳᠠᠩᠴᠤ ᠳᠡᠨᠡᠭ᠌ ᠦᠬᠢᠨ ᠳᠡᠭᠦᠤ ᠮᠢᠨᠢ

ᠡᠷᠳᠡᠮ ᠨᠤᠮ ᠰᠤᠷᠭᠠᠯ ᠭᠦᠮᠦᠵᠢᠯ ᠳᠤᠳᠠᠭᠤ ᠡᠴᠡ ᠪᠣᠯᠪᠠ ᠦᠦ︖

ᠡᠷᠭᠡ ᠵᠢᠷᠭᠠᠯ ᠡ᠊ᠨᠳᠡᠭᠦᠤ ᠬᠠᠢ᠌ᠷ᠎ᠠ ᠶᠢᠨ ᠢᠯᠡᠭᠦᠳᠡᠯ ᠡᠴᠡ ᠴᠤ ᠪᠣᠯᠪᠠ ᠦᠦ︖

ᠰᠠᠢ᠌ᠬᠠᠨ ᠳᠦᠷᠢ ᠴᠢᠨᠢ ᠬᠤᠯᠠᠳᠤᠬᠤ ᠳᠤᠰᠤᠮ ᠰᠠᠨᠠᠭᠳᠠᠨ᠎ᠠ︕

ᠰᠠᠳᠤᠨ ᠲᠦᠷᠦᠯ ᠳᠡᠭᠡᠨ ᠵᠤᠯᠭᠠᠬᠤ ᠪᠦᠷᠢ ᠥᠭᠡᠢ᠌ᠯᠡᠨ᠎ᠡ︕

ᠬᠣᠢ᠌ᠳᠤ ᠲᠦᠷᠦᠯ ᠢ ᠦᠨᠡᠨ ᠭᠡᠵᠤ ᠳᠠᠭᠠᠤᠠᠬᠠᠨ ᠮᠥᠷᠭᠦᠶ᠎ᠡ︕

ᠬᠤᠷᠸ᠎ᠠ ᠳᠤ ᠳᠠᠭᠢᠨ ᠮᠡᠡᠳᠦᠯᠡᠭᠦ ᠪᠣᠢ ᠭᠡᠵᠤ

ᠰᠠᠨᠠᠭ᠎ᠠ ᠪᠠᠨ ᠰᠠᠭᠠᠳᠠᠭᠤᠯᠵᠤ ᠶᠠᠪᠣᠶ᠎ᠠ ᠁

ᠵᠤᠬᠢᠶᠠᠭᠴᠢ᠄ ᠡᠭᠦᠯᠡᠨ‍ᠬᠤᠸᠠᠷ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 4901
ᠴᠠᠭ᠄ 2007 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ