ᠨᠡᠪᠲᠡᠷᠡᠨ ᠤᠷᠤᠬᠤ
ᠠᠪᠣ ᠶᠢᠨ ᠨᠤᠳᠤᠭ

ᠦᠪᠣᠩ ᠭᠡᠷ ᠲᠤ ᠬᠠᠶᠠᠭᠳᠠᠭᠰᠠᠠᠨ ᠠᠷᠤᠭ ᠡᠴᠡ

ᠠᠪᠣ ᠶᠢᠨ ᠨᠤᠳᠤᠭ ᠤᠨ ᠰᠢᠷᠤᠢ ᠦᠨᠦᠷᠳᠤᠨ᠎ᠠ

ᠠᠳᠤᠭᠤᠨ ᠤ ᠮᠦᠷ ᠮᠦᠰᠭᠢᠵᠤ ᠬᠤᠯᠠᠳᠠᠭᠰᠠᠨ

ᠠᠪᠣ ᠶᠢᠨ ᠮᠢᠨᠢ ᠪᠠᠷ᠎ᠠ ᠪᠦᠳᠡᠭᠡᠢ᠌ᠷᠡᠵᠤ ᠬᠠᠷᠠᠭᠳᠠᠨ᠎ᠠ


ᠠᠶᠠᠯᠠᠵᠤ ᠬᠤᠯᠠᠳᠠᠬᠤ ᠰᠢᠪᠠᠭᠤᠳ ᠶᠢᠡᠨ ᠥᠭᠡᠢ᠌ᠯᠡᠭᠦ ᠳᠤ

ᠠᠷᠠᠤᠨ ᠤᠨ ᠳᠠᠭᠤᠨ ᠤ ᠳᠦᠷᠢᠯᠭᠡ ᠵᠠᠩᠭᠢᠷᠠᠨ᠎ᠠ

ᠠᠶᠠᠯᠠᠵᠤ ᠭᠦᠷᠭᠦ ᠮᠠᠷᠭᠠᠰᠢ ᠪᠠᠨ ᠰᠤᠪᠢᠬᠤ ᠳᠤ

ᠡᠪᠦᠭᠡ ᠳᠡᠭᠡᠳᠦᠰ ᠤᠨ ᠮᠢᠨᠢ ᠰᠤᠷᠭᠠᠯ ᠠᠨᠢᠷᠳᠤᠨ᠎ᠠ


ᠣᠨᠠᠬᠤ ᠨᠠᠷᠠᠨ ᠠᠯᠢᠶ᠎ᠠ ᠬᠡᠦᠬᠡᠳ ᠤᠨ ᠵᠢᠰᠤᠯᠠᠵᠤ ᠶᠠᠳᠠᠷᠠᠩᠭ᠋ᠤᠢ

ᠦᠳᠡᠰᠢ ᠶᠢᠨ ᠣᠳᠤᠳ ᠵᠤᠯᠠ ᠶᠢᠨ ᠭᠡᠷᠡᠯ ᠰᠢᠭ᠌ ᠠᠨᠢᠪᠴᠢᠩᠭ᠋ᠤᠢ

ᠳᠤᠭᠤᠨᠤ ᠪᠠᠷ ᠰᠤᠪᠣᠷᠠᠬᠤ ᠣᠳᠤᠭᠠᠨ ᠳᠤ ᠬᠠᠷᠢᠶᠠᠴᠠᠢ ᠶᠢᠨ ᠳᠠᠭᠤᠨ ᠡᠷᠢᠶᠡᠡᠳᠦᠵᠤ

ᠳᠤᠯᠭ᠎ᠠ ᠲᠡᠶ ᠴᠠᠢ ᠶᠢᠨ ᠦᠨᠦᠷ ᠭᠤᠸᠠᠠᠵᠠᠨ ᠤ ᠡᠭᠦᠳᠡᠨ ᠡᠴᠡ ᠯᠠ ᠬᠠᠩᠬᠤᠯᠠᠨ᠎ᠠ


ᠭᠦᠮᠤᠨ ᠣᠬᠠᠭ᠎ᠠ ᠲᠡᠶ ᠮᠤᠷᠢᠳ ᠠᠯᠳᠠ ᠰᠢᠭ ᠬᠤᠪᠣᠷᠳᠠᠭᠠᠤᠨ

ᠠᠢ᠌ᠯ ᠠᠢ᠌ᠯ ᠤᠨ ᠭᠦᠷᠢᠶᠡᠨ ᠳᠤ ᠪᠠᠯᠪᠠᠷᠬᠠᠢ ᠮᠤᠲ᠋ᠤᠷ ᠬᠠᠶᠠᠭᠳᠠᠨ᠎ᠠ

ᠭᠦᠮᠤᠨ ᠤ ᠠᠢ᠌ᠯ ᠤᠨ ᠦᠵᠡᠮᠤᠷᠢ ᠳᠤ ᠵᠠᠰᠠᠯ ᠲᠡᠶ ᠡᠮᠡᠭᠡᠯ ᠡᠯᠭᠦᠭ᠍ᠳᠡᠵᠤ

ᠢᠴᠢᠭᠦ ᠪᠠᠨ ᠮᠠᠷᠳᠠᠭᠠᠤᠨ ᠪᠢ ᠡᠷᠡᠭᠡᠢ ᠪᠠᠨ ᠭᠠᠷᠭᠠᠵᠤ ᠱᠠᠭᠰᠢᠪᠠ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2993
ᠴᠠᠭ᠄ 2011 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ