ᠨᠡᠪᠲᠡᠷᠡᠨ ᠤᠷᠤᠬᠤ
ᠬᠠᠳᠠᠭ

(ᠳᠠᠭᠤᠤ ᠶᠢᠨ ᠥᠭᠡ)

ᠭᠦᠡᠳᠦᠯᠡᠵᠤ ᠮᠡᠡᠳᠦᠯᠡᠭᠦ ᠶᠢᠨ ᠪᠠᠯᠭᠡ ᠶᠤᠮ ᠡ  

ᠭᠦᠰᠡᠵᠤ ᠰᠠᠨᠠᠭᠰᠠᠨ ᠤ ᠮᠢᠨᠢ ᠳᠡᠮᠳᠡᠭ᠌ ᠶᠤᠮ ᠡ

ᠬᠠᠨᠢᠯᠠᠵᠤ ᠳᠠᠰᠤᠯᠴᠠᠬᠤ ᠶᠢᠨ ᠵᠠᠭᠢᠶ᠎ᠠ ᠶᠤᠮ ᠡ

ᠬᠣᠢ᠌ᠮᠤᠷ ᠲᠤ ᠰᠠᠭᠠᠳᠠᠬᠤ ᠶᠢᠨ ᠣᠷᠢᠯᠭ᠎ᠠ ᠶᠤᠮ ᠡ

    ᠣᠷᠢᠳᠤ ᠶᠢᠨ ᠢᠷᠦᠭᠡᠯ ᠲᠡᠶ ᠵᠤᠴᠢᠨ ᠳᠠᠨ ᠳᠤ ᠪᠠᠨ

    ᠣᠭᠳᠤᠯᠭ᠎ᠠ ᠶᠢᠨ ᠳᠡᠭᠡᠵᠢ ᠲᠡᠶ

    ᠭᠦᠭᠡ ᠬᠠᠳᠠᠭ ᠶᠢᠡᠨ ᠡᠷᠭᠦᠵᠤ

    ᠦᠯᠵᠡᠢ ᠪᠠᠯᠭᠡ ᠶᠢ ᠭᠦᠰᠡᠶ᠎ᠡ

ᠣᠭᠳᠤᠵᠤ ᠵᠤᠯᠭᠠᠬᠤ ᠶᠢᠨ ᠶᠤᠰᠤᠨ ᠶᠤᠮ ᠡ

ᠣᠷᠢᠵᠤ ᠵᠠᠯᠠᠭᠰᠠᠨ ᠤ ᠮᠢᠨᠢ ᠰᠡᠳᠭᠢᠯ ᠶᠤᠮ ᠡ

ᠥᠶᠡᠷᠭᠡᠵᠤ ᠨᠠᠢ᠌ᠵᠠᠯᠠᠬᠤ ᠶᠢᠨ ᠭᠦᠰᠡᠯ ᠶᠤᠮ ᠡ

ᠣᠳᠠᠳᠠᠯ᠎ᠠ ᠨᠠᠢ᠌ᠷᠯᠠᠬᠤ ᠶᠢᠨ ᠡᠶ᠎ᠡ ᠶᠤᠮ ᠡ

    ᠪᠠᠳᠤ ᠢᠷᠦᠭᠡᠯ ᠲᠡᠶ ᠵᠤᠴᠢᠨ ᠳᠠᠨ ᠳᠤ ᠪᠠᠨ  

    ᠪᠠᠯᠭᠡ ᠶᠢᠨ ᠳᠡᠭᠡᠵᠢ ᠳᠠᠢ  

    ᠴᠠᠭᠠᠨ ᠬᠠᠳᠠᠭ ᠶᠢᠡᠨ ᠪᠠᠷᠢᠵᠤ

    ᠪᠠᠶ᠎ᠠ ᠶᠢᠨ ᠯᠠᠭᠱᠠᠨ ᠢ ᠴᠢᠨᠢ ᠵᠦᠩᠨᠠᠶ᠎ᠠ

ᠰᠠᠭᠠᠯᠢ ᠶᠢᠨ ᠠᠷᠢᠭᠢ ᠲᠡᠶ ᠳᠤᠷᠳᠤᠩ ᠶᠤᠮ ᠡ

ᠰᠠᠢ᠌ᠨ ᠮᠠᠠᠳᠤ ᠶᠢᠨ ᠵᠦᠩᠨᠠᠯ ᠶᠤᠮ ᠡ

ᠰᠠᠳᠤᠨ ᠳᠦᠷᠤᠯ ᠤᠨ ᠪᠠᠷᠢᠯᠳᠤᠯᠭ᠎ᠠ ᠶᠤᠮ ᠡ

ᠰᠠᠴᠤᠷᠠᠵᠤ ᠮᠠᠠᠳᠤᠬᠤ ᠶᠢᠨ ᠰᠤᠪᠢᠩ ᠶᠤᠮ ᠡ

    ᠰᠠᠢ᠌ᠨ ᠤ ᠢᠷᠦᠭᠡᠯ ᠲᠡᠶ ᠵᠤᠴᠢᠨ ᠳᠠᠨ ᠳᠤ ᠪᠠᠨ

    ᠮᠠᠠᠳᠤ ᠶᠢᠨ ᠳᠡᠭᠡᠵᠢ ᠲᠡᠶ

    ᠰᠠᠮᠪᠠᠢ ᠬᠠᠳᠠᠭ ᠶᠢᠡᠨ ᠪᠠᠷᠢᠵᠤ

    ᠰᠠᠨᠠᠭᠰᠠᠨ ᠪᠦᠭᠦᠨ ᠢ ᠴᠢᠨᠢ ᠵᠦᠩᠨᠠᠶ᠎ᠠ

ᠮᠤᠩᠭ᠋ᠤᠯ ᠭᠠᠵᠠᠷ ᠤᠨ ᠵᠠᠩᠰᠢᠯ ᠶᠤᠮ ᠡ

ᠮᠤᠷᠢᠯᠠᠵᠤ ᠪᠠᠭᠤᠭᠰᠠᠨ ᠤ ᠭᠡᠰᠢᠭ᠌ ᠶᠤᠮ ᠡ

ᠮᠠᠷᠳᠠᠵᠤ ᠴᠢᠳᠠᠬᠤ ᠦᠭᠡᠶ ᠶᠢᠨ ᠭᠡᠯᠭᠢᠶ᠎ᠡ ᠶᠤᠮ ᠡ

ᠮᠠᠠᠳᠤᠵᠤ ᠶᠠᠪᠣᠬᠤ ᠶᠢᠨ ᠰᠤᠯᠤᠩᠭ᠋᠎ᠠ ᠶᠤᠮ ᠡ

    ᠠᠰᠢᠳᠠ ᠶᠢᠨ ᠢᠷᠦᠭᠡᠯ ᠲᠡᠶ ᠵᠤᠴᠢᠨ ᠳᠠᠨ ᠳᠤ ᠪᠠᠨ  

    ᠠᠷᠢᠭᠤᠨ ᠤ ᠳᠡᠭᠡᠵᠢ

    ᠠᠶᠤᠰᠢ ᠬᠠᠳᠠᠭ ᠶᠢᠡᠨ ᠡᠷᠭᠦᠵᠤ

    ᠣᠢ᠌ᠯᠠᠰ ᠤᠨ ᠵᠠᠮ ᠢ ᠴᠢᠨᠢ ᠮᠢᠯᠢᠶᠠᠶ᠎ᠠ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2010 ᠤᠨ ᠤ 11 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ