ᠨᠡᠪᠲᠡᠷᠡᠨ ᠤᠷᠤᠬᠤ
ᠪᠠᠳᠠᠭᠠᠨ᠎ᠠ ᠬᠤᠪᠢᠶᠠᠯᠴᠠᠭᠰᠠᠨ ᠨᠢ

ᠨᠢᠭᠡᠨ ᠥᠷᠦᠭᠡ ᠳᠤ 1 ᠭᠦᠮᠤᠨ ᠪᠠ 12 ᠪᠠᠳᠠᠭᠠᠨ᠎ᠠ ᠪᠠᠢ᠌ᠵᠠᠢ᠃ 12 ᠪᠠᠳᠠᠭᠠᠨ᠎ᠠ ᠭᠠᠭᠴᠠ ᠭᠦᠮᠤᠨ ᠢ ᠵᠠᠭᠤᠬᠤ ᠳᠤ᠂ ᠪᠠᠳᠠᠭᠠᠨ᠎ᠠ ᠶᠢᠨ ᠳᠤᠭ᠎ᠠ ᠭᠦᠮᠤᠨ ᠤ ᠳᠤᠭᠠᠨ ᠤ 12/1 =12 ᠳᠠᠭᠢᠨ᠃

ᠡᠨᠡ ᠭᠦᠮᠤᠨ ᠬᠠᠵᠠᠭᠳᠠᠭᠠᠤᠨ ᠳᠡᠰᠭᠦ ᠦᠭᠡᠶ ᠪᠣᠯᠬᠤ ᠳᠠᠭᠠᠨ᠂ ᠪᠠᠰᠠ ᠨᠢᠭᠡᠨ ᠭᠦᠮᠤᠨ ᠢ ᠳᠠᠭᠤᠳᠠᠨ ᠠᠪᠴᠢᠷᠠᠵᠠᠢ᠃ ᠢᠩᠭᠢᠭᠡᠤᠨ 12 ᠪᠠᠳᠠᠭᠠᠨ᠎ᠠ ᠬᠤᠶᠠᠷ ᠠᠩᠭᠢ ᠬᠤᠪᠢᠶᠠᠭᠳᠠᠵᠤ ᠬᠤᠶᠠᠷ ᠭᠦᠮᠤᠨ ᠢ ᠵᠠᠭᠤᠬᠤ ᠳᠤ ᠭᠦᠮᠤᠨ ᠪᠦᠷᠢ ᠳᠤ 12/2 =6 ᠪᠠᠳᠠᠭᠠᠨ᠎ᠠ ᠨᠤᠭᠳᠠᠪᠠ᠃

ᠣᠷᠢᠳᠤ ᠨᠢ ᠡᠨᠡ ᠥᠷᠦᠭᠡ ᠳᠤ ᠪᠠᠢ᠌ᠭᠰᠠᠨ ᠭᠦᠮᠤᠨ ᠣᠤᠯ ᠡᠴᠡ ᠪᠠᠨ ᠵᠢᠭᠠᠬᠠᠨ ᠳᠠᠢ᠌ᠪᠣᠭᠤ ᠪᠣᠯᠤᠭᠰᠠᠨ ᠪᠣᠯᠪᠠᠴᠤ᠂ ᠬᠤᠶᠠᠭᠤᠯᠠ ᠭᠡᠯᠡᠯᠴᠡᠭᠡᠤᠨ ᠪᠠᠰᠠ ᠵᠢᠭᠠᠬᠠᠨ ᠳᠠᠢ᠌ᠪᠣᠭᠤ ᠪᠣᠯᠬᠤ ᠰᠠᠨᠠᠭᠠᠳᠠᠢ ᠭᠤᠷᠪᠠᠳᠤᠭᠠᠷ ᠭᠦᠮᠤᠨ ᠢ ᠳᠠᠭᠤᠳᠠᠨ ᠠᠪᠴᠢᠷᠠᠵᠠᠢ᠃ 12/3 =4᠂ ᠰᠠᠢ᠌ᠨ ᠪᠣᠯᠤᠯ᠎ᠠ᠂ ᠭᠦᠮᠤᠨ ᠪᠦᠷᠢ ᠳᠤ ᠰᠠ‍‌ᠶᠢ ᠳᠦᠷᠪᠠᠭᠡᠨ ᠪᠠᠳᠠᠭᠠᠨ᠎ᠠ ᠨᠤᠭᠳᠠᠬᠤ ᠪᠣᠯᠵᠠᠢ᠃

ᠳᠠᠮᠠᠢ ᠣᠳᠠᠭᠰᠠᠨ ᠦᠭᠡᠶ ᠪᠠᠰᠠ ᠨᠢᠭᠡᠨ ᠭᠦᠮᠤᠨ ᠣᠷᠤᠵᠤ ᠢᠷᠠᠯ᠎ᠠ᠂ ᠪᠠᠳᠠᠭᠠᠨ᠎ᠠ ᠮᠦᠨ ᠭᠦ ᠴᠡᠷᠢᠭ᠌ ᠤᠨ ᠭᠦᠴᠤᠨ ᠶᠢᠡᠨ ᠬᠤᠪᠢᠶᠠᠵᠤ ᠠᠩᠭᠢ ᠪᠦᠷᠢ 12/4 =3 ᠪᠠᠳᠠᠭᠠᠨ᠎ᠠ ᠪᠣᠯᠤᠭᠠᠤᠨ ᠳᠦᠷᠪᠡᠨ ᠭᠦᠮᠤᠨ ᠢ ᠵᠠᠭᠤᠵᠠᠢ᠃

ᠡᠨᠡ ᠦᠶᠡᠰ᠂ ᠳᠠᠪᠣᠳᠤᠭᠠᠷ ᠭᠦᠮᠤᠨ ᠢᠷᠠᠪᠠ᠃ ᠥᠷᠦᠭᠡ ᠳᠤ ᠪᠠᠢ᠌ᠭᠰᠠᠨ ᠳᠦᠷᠪᠡᠨ ᠭᠦᠮᠤᠨ ᠳᠠᠪᠣᠳᠤᠭᠠᠷ ᠭᠦᠮᠤᠨ ᠢ ᠣᠷᠤᠭᠤᠯᠬᠤ ᠦᠭᠡᠶ ᠭᠡᠪᠡ᠂ ᠣᠴᠢᠷ ᠨᠢ 12 ᠪᠠᠳᠠᠭᠠᠨ᠎ᠠ ᠢ 5 ᠭᠦᠮᠤᠨ ᠳᠤ ᠳᠡᠭ᠍ᠰᠢ ᠬᠤᠪᠢᠶᠠᠵᠤ ᠳᠡᠢ᠌ᠯᠭᠦ ᠦᠭᠡᠶ᠃

ᠳᠠᠪᠣᠳᠤᠭᠠᠷ ᠭᠦᠮᠤᠨ ᠬᠤᠷᠢᠭᠯᠠᠬᠤ ᠶᠢ ᠬᠠᠢ᠌ᠬᠤᠷᠤᠭᠰᠠᠨ ᠦᠭᠡᠶ ᠰᠢᠭᠤᠳ ᠣᠷᠤᠵᠤ ᠢᠷᠠᠪᠠ᠃ 《ᠫᠢᠰ》  ᠂ 《ᠫᠢᠰ》 ᠬᠤᠶᠠᠷᠳᠠ ᠳᠤᠤᠭᠠᠷᠴᠤ ᠳᠠᠪᠣᠳᠤᠭᠠᠷ ᠭᠦᠮᠤᠨ ᠬᠤᠶᠠᠷ ᠪᠠᠳᠠᠭᠠᠨ᠎ᠠ ᠶᠢ ᠠᠯᠠᠪᠠ᠃ ᠨᠥᠭᠦᠭᠡ ᠳᠦᠷᠪᠠᠭᠦᠯᠡ ᠳᠤ ᠰᠠ‍‌ᠶᠢ ᠪᠠᠶᠠᠷ ᠤᠨ ᠴᠢᠷᠠᠢ ᠳᠤᠳᠤᠷᠠᠵᠤ᠂ (12-2 ) / 5 =2 ᠂ ᠣᠤᠬᠠᠢ ᠶᠠᠭ ᠰᠠᠢ᠌ᠬᠠᠨ ᠭᠦᠮᠤᠨ ᠪᠦᠷᠢ ᠳᠤ ᠬᠤᠶᠠᠷ ᠨᠤᠭᠳᠠᠨ᠎ᠠ᠃

ᠣᠯᠠᠨ ᠶᠢᠡᠷ ᠶᠠᠭ ᠪᠠᠶᠠᠷᠯᠠᠯᠳᠤᠵᠤ ᠪᠠᠢ᠌ᠳᠠᠯ᠎ᠠ 《ᠫᠢᠰ》  ᠂ 《ᠫᠢᠰ》 ᠳᠤᠤᠭᠠᠷᠴᠤ ᠲ᠋ᠠᠪᠣᠳᠤᠭᠠᠷ ᠭᠦᠮᠤᠨ ᠪᠠᠰᠠ ᠬᠤᠶᠠᠷ ᠪᠠᠳᠠᠭᠠᠨ᠎ᠠ ᠠᠯᠠᠴᠢᠬᠠᠪᠠ᠃ (10-2)/5 =︖  ᠥᠨᠡᠭᠡᠷ ᠵᠢᠭ᠍ᠰᠢᠭᠦᠷᠢᠳᠡᠢ︕ ᠪᠠᠰᠠ ᠯᠠ ᠳᠡᠭ᠍ᠰᠢ ᠬᠤᠪᠢᠶᠠᠵᠤ ᠳᠡᠢ᠌ᠯᠭᠦ ᠦᠭᠡᠶ ᠪᠣᠯᠴᠢᠬᠠᠯ᠎ᠠ᠃

ᠣᠯᠠᠨ ᠶᠢᠡᠷ ᠪᠦᠷ ᠳᠠᠪᠣᠳᠤᠭᠠᠷ ᠭᠦᠮᠤᠨ ᠢ ᠶᠠᠷᠰᠢᠭ ᠳᠦᠪᠠᠭ᠌ ᠳᠠᠳᠠᠭᠠᠤᠨ ᠯᠠ ᠪᠠᠢ᠌ᠨ᠎ᠡ ᠭᠡᠤᠨ ᠥᠷᠦᠭᠡ ᠡᠴᠡ ᠭᠦᠭᠡᠭᠡᠵᠤ ᠭᠠᠷᠭᠠᠭᠰᠠᠨ ᠪᠠᠢ᠌ᠨ᠎ᠠ᠃ ᠳᠡᠭᠡᠭᠡᠤᠨ ᠭᠦᠮᠤᠨ ᠪᠦᠷᠢ 8/4=2 ᠪᠠᠳᠠᠭᠠᠨ᠎ᠠ ᠬᠤᠪᠢᠶᠠᠯᠴᠠᠭᠠᠤᠨ ᠪᠠᠶᠠᠷᠳᠠᠢ ᠰᠠᠭᠤᠭᠰᠠᠨ ᠭᠡᠨ᠎ᠡ᠃

ᠵᠤᠬᠢᠶᠠᠭᠴᠢ᠄ ᠳᠤᠰ ᠰᠦᠯᠵᠢᠶ᠎ᠠ
ᠢᠷᠡᠯᠲᠡ᠄ ᠳᠤᠰ ᠰᠦᠯᠵᠢᠶ᠎ᠠ
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 4197
ᠴᠠᠭ᠄ 2005 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ