ᠨᠡᠪᠲᠡᠷᠡᠨ ᠤᠷᠤᠬᠤ
ᠠᠳᠤᠭᠤ

ᠡᠪᠦᠯ ᠵᠢᠪᠠᠷᠯᠠᠭᠰᠠᠨ ᠶ‍ᠢᠰᠤ ᠶᠢᠨ ᠬᠠᠩᠭ᠋ᠠᠢ ᠳᠠᠭᠠᠨ᠂

ᠰᠤᠷ ᠨᠢ ᠪᠣᠯᠵᠤ ᠳᠦᠷᠡᠯᠵᠡᠭ᠍ᠰᠡᠨ ᠠᠳᠤᠭᠤᠳ᠂

ᠦᠨᠳᠦᠷ ᠣᠷᠭᠢᠯ ᠤᠨ ᠬᠠᠷᠠᠭᠠᠨ ᠥᠵᠦᠭᠦᠷ ᠲᠤ᠂

ᠰᠦᠷ ᠨᠢ ᠪᠣᠯᠵᠤ ᠭᠡᠢ᠌ᠮᠦᠷᠢᠯᠡᠭᠰᠡᠨ ᠠᠳᠤᠭᠤᠳ᠂

ᠨᠠᠷᠠ ᠳᠦᠭᠡᠨᠡᠭ᠍ᠰᠡᠨ ᠹᠦ᠋ ᠶᠢᠨ ᠵᠤᠨ᠂

ᠰᠠᠯᠭᠢᠨ ᠨᠢ ᠪᠣᠯᠵᠤ ᠶᠦᠭᠡᠷᠡᠭ᠍ᠰᠡᠨ ᠠᠳᠤᠭᠤᠳ᠂

ᠡᠷ᠎ᠡ ᠰᠢᠯᠭᠠᠭᠰᠠᠨ ᠬᠠᠳᠠᠭᠤ ᠳᠤᠯᠤᠯᠴᠠᠭᠠᠨ ᠳᠤ᠂

ᠣᠩᠭ᠋ᠤᠳ ᠰᠢᠩᠭᠡᠭ᠍ᠰᠡᠨ ᠠᠳᠤᠭᠤᠳ᠂

ᠴᠠᠩ ᠲᠡᠶ ᠴᠠᠰᠤ ᠲᠡᠶ ᠠᠭᠤᠯᠠᠨ ᠳᠠᠭᠠᠨ

ᠴᠠᠭᠢᠯᠵᠤ ᠣᠴᠢᠯᠠᠭᠰᠠᠨ ᠠᠳᠤᠭᠤᠳ᠂

ᠡᠮᠡᠭᠡᠯ ᠤᠨ ᠪᠦᠭᠦᠷᠭᠡ ᠰᠢᠭᠦᠷᠡᠨ ᠮᠤᠷᠳᠠᠬᠤ ᠳᠤ᠂

ᠰᠤᠮᠤᠨ ᠬᠤᠷᠳᠤ ᠪᠠᠷ ᠱᠤᠤᠭᠢᠭᠰᠠᠨ ᠠᠳᠤᠭᠤᠳ᠂

ᠣᠷᠭ᠎ᠠ ᠳᠤᠯᠤᠨ ᠮᠤᠷᠳᠠᠭᠰᠠᠨ ᠬᠤᠷᠤᠮ᠂

ᠣᠬᠠᠭᠠᠨ ᠪᠣᠯᠵᠤ ᠰᠢᠳᠢᠯᠡᠭ᠍ᠰᠡᠨ ᠠᠳᠤᠭᠤᠳ᠂

ᠠᠮᠢ ᠠᠮᠳᠤᠷᠠᠬᠤ ᠶᠢᠨ ᠊ᠭ᠍ᠱᠡᠨ᠎ᠡ

ᠠᠮᠢ ᠨᠠᠰᠤ ᠦᠭ‍ᠭᠦᠭ᠍ᠰᠡᠨ ᠠᠳᠤᠭᠤᠳ᠂

ᠶᠠᠳᠠᠵᠤ ᠭᠠᠢ᠌ᠳᠠᠭᠰᠠᠨ ᠭᠠᠴᠢᠭ ᠵᠠᠭᠤᠷ᠎ᠠ᠂

ᠶᠠᠪᠠᠭᠠᠯᠠᠵᠤ ᠬᠠᠶᠠᠭ᠎ᠠ ᠦᠭᠡᠶ ᠠᠳᠤᠭᠤᠨ᠂

ᠡᠵᠡᠨ ᠪᠣᠯᠤᠭᠰᠠᠨ ᠮᠤᠩᠭ᠋ᠤᠯ ᠲᠦᠮᠡᠨ ᠳᠡᠭᠡᠨ᠂

ᠡᠷᠳᠡᠨᠢ ᠪᠣᠯᠤᠬᠠᠰᠠᠨ ᠲᠦᠮᠡᠨ ᠠᠵᠢᠨᠠᠢ ᠡ᠃


ᠵᠤᠬᠢᠶᠠᠭᠴᠢ ᠶᠢᠨ ᠬᠠᠶ‍ᠢᠭ ᠄ ᠪᠠᠷᠠᠭᠤᠨ ᠦᠵᠦᠮᠤᠴᠢᠨ ᠬᠤᠰᠢᠭᠤ

ᠵᠤᠬᠢᠶᠠᠭᠴᠢ᠄ ᠪᠠᠶᠠᠠᠴᠠᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2010 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ