ᠨᠡᠪᠲᠡᠷᠡᠨ ᠤᠷᠤᠬᠤ
ᠮᠠᠯ ᠤᠨ ᠠᠰᠢᠭ ᠰᠢᠮ᠎ᠡ ᠪᠡᠷ ᠡᠮᠴᠢᠯᠡᠬᠦᠢ

ᠮᠤᠩᠭ᠋ᠤᠯᠴᠤᠳ ᠤᠨ ᠳᠠᠪᠤᠨ ᠬᠤᠰᠢᠭᠤ ᠮᠠᠯ ᠭᠡᠭ᠍ᠴᠢ ᠶᠠᠷᠤ ᠨᠢ ᠳᠠᠷᠠ ᠭᠡᠪ ᠪᠠᠶ᠎ᠠ ᠪᠠᠷ ᠶᠢᠡᠨ ᠡᠷᠳᠡᠨᠢ ᠪᠠᠢ᠌ᠬᠤ ᠣᠴᠢᠷᠳᠠᠢ᠃ ᠳᠠᠢ᠌ᠮᠤ ᠳᠡᠭᠡᠨ ᠮᠤᠩᠭ᠋ᠤᠯᠴᠤᠳ ᠮᠠᠨᠢ ᠣᠢ᠌ᠯᠠᠤᠠᠪᠣᠷᠢᠯᠠᠯ ᠠᠮᠢᠳᠤᠷᠠᠯ ᠤᠨ ᠶᠢᠡᠨ ᠳᠤᠮᠳᠠ ᠠᠷᠠᠰᠤ ᠰᠢᠷᠢ᠂ ᠨᠤᠤᠰᠤ ᠨᠤᠤᠯᠤᠷ᠂ ᠰᠥ᠋ ᠮᠢᠬ᠎ᠠ ᠶᠢ ᠨᠢ ᠠᠰᠢᠭᠯᠠᠨ ᠣᠷᠤᠰᠢᠨ ᠳᠤᠭᠳᠠᠨᠢᠯ ᠤᠨ ᠶᠢᠡᠨ ᠭᠦᠴᠤᠨ ᠳᠤᠯᠭᠠᠭᠤᠷᠢ ᠪᠣᠯᠭᠠᠨ ᠶᠠᠪᠣᠭᠰᠠᠨ ᠢ ᠳᠡᠦᠭᠡ ᠪᠢᠳᠠᠨ ᠳᠤ ᠥᠭᠦᠯᠡᠵᠤ ᠪᠣᠢ᠃ ᠳᠤᠤᠷ᠎ᠠ ᠳᠠ ᠪᠦᠭᠦᠨ ᠳᠤ ᠪᠠᠨ ᠳᠠᠪᠰᠢᠯᠳᠤ ᠭᠢᠭᠡᠤᠨ ᠪ᠊·ᠠᠯᠳᠠᠠᠳᠠᠯᠠᠢ ᠶᠢᠨ ᠭᠤᠤᠯᠯᠠᠨ ᠡᠷᠭᠢᠯᠡᠭ᠍ᠰᠡᠨ 《ᠬᠤᠯᠠᠨ ᠰᠢᠷᠭ᠎ᠠ ᠳᠠᠭ᠎ᠠ ᠶᠢᠨ ᠠᠮᠢᠳᠠᠨ ᠡᠴᠡ ᠭᠠᠷᠬᠤ ᠡᠮᠳᠤ ᠪᠣᠳᠠᠰ》 ᠳᠡᠭᠦᠪᠦᠷᠢ ᠳᠤ ᠳᠠᠨᠢᠯᠴᠠᠭᠤᠯᠤᠭᠰᠠᠨ ᠳᠠᠪᠤᠨ ᠬᠤᠰᠢᠭᠤ ᠮᠠᠯ ᠤᠨ ᠪᠠᠶ᠎ᠠ ᠴᠤᠭᠴᠠ ᠨᠢ ᠡᠮ ᠪᠣᠯᠬᠤ ᠳᠤᠬᠠᠢ ᠳᠠᠨᠢᠯᠴᠠᠭᠤᠯᠰᠤᠭᠠᠢ᠃

ᠬᠤᠯᠠᠨ ᠰᠢᠷᠭ᠎ᠠ ᠳᠠᠭ᠎ᠠ ᠶᠢᠨ ᠨᠤᠳᠤᠭ ᠭᠡᠭᠦ ᠰᠢᠯᠤᠭᠤᠨ ᠭᠦᠭᠡ ᠬᠤᠰᠢᠭᠤ ᠪᠣᠯ ᠬᠤᠯᠠ ᠣᠢ᠌ᠷ᠎ᠠ ᠳᠠᠭᠠᠨ ᠠᠯᠳᠠᠷᠰᠢᠭᠰᠠᠨ ᠪᠠᠢ᠌ᠭᠠᠯᠢ ᠡᠭᠡ ᠡᠴᠡ ᠬᠠᠢ᠌ᠷᠠᠯᠠᠭᠰᠠᠨ ᠦᠩ ᠰᠢᠮᠡᠯᠢᠭ᠌ ᠡᠪᠠᠰᠤ ᠣᠷᠭᠤᠮᠠᠯ ᠲᠡᠶ᠂ ᠠᠷᠢᠶᠠᠳᠠᠨ ᠠᠮᠢᠳᠠᠨ ᠡᠯᠪᠠᠭ᠌ ᠳᠡᠯᠪᠠᠭ᠌᠂ ᠠᠭᠤᠷᠬᠠᠢ ᠪᠣᠯᠠᠭᠳᠠᠴᠠ ᠪᠠᠶᠠᠨ ᠳᠠᠩᠰᠤᠭ ᠪᠠᠬᠠᠷᠤᠯᠳᠤ ᠰᠠᠢ᠌ᠬᠠᠨ ᠣᠷᠤᠨ ᠪᠣᠯᠬᠤ ᠶᠤᠮ᠃ ᠪᠦᠭᠦ ᠬᠤᠰᠢᠭᠤᠨ ᠤ ᠨᠤᠳᠤᠭ ᠳᠡᠪᠢᠰᠭᠡᠷ ᠤᠨ ᠳᠠᠯᠠᠪᠠᠢ ᠨᠢ1527.3 ᠲᠦᠮᠡᠨ ᠮᠤ ᠪᠠᠢ᠌ᠵᠤ᠂ ᠬᠣᠢ᠌ᠳᠤ ᠳᠠᠯ᠎ᠠ ᠪᠠᠷ ᠨᠢ ᠬᠤᠯᠠᠨ ᠰᠢᠷᠭ᠎ᠠ ᠳᠠᠭ᠎ᠠ ᠶᠢᠨ ᠮᠠᠩᠬ᠎ᠠ ᠭᠦᠡᠳᠡᠯᠢᠦᠡᠴᠤ᠂ ᠪᠦᠭᠦ ᠳᠠᠯᠠᠪᠠᠢ ᠵᠢᠨ 66% ᠵᠢ ᠡᠵᠡᠯᠡᠨ᠂ ᠡᠮᠦᠨ᠎ᠡ ᠭᠡᠰᠡᠭ᠌ ᠶᠢᠡᠷ ᠨᠢ ᠰᠢᠯᠢ ᠳᠤᠪᠣᠷᠴᠠᠭ ᠪᠠ ᠨᠠᠮᠬᠠᠨ ᠠᠭᠤᠯᠠᠰ ᠶᠢᠡᠷ ᠭᠦᠷᠢᠶᠡᠯᠡᠭ᠍ᠳᠡᠵᠤ ᠪᠦᠭᠦ ᠳᠠᠯᠠᠪᠠᠢ ᠵᠢᠨ 34% ᠵᠢ ᠡᠵᠡᠯᠡᠳᠡᠭ᠌᠃

ᠬᠤᠷᠠᠬᠤ ᠶᠢᠨ ᠨᠠᠮᠬᠠᠨ ᠴᠡᠩᠭᠡᠷ ᠠᠭᠤᠯᠠᠰ ᠪᠠ ᠬᠤᠯᠠᠨ ᠰᠢᠷᠭ᠎ᠠ ᠶᠢᠨ ᠠᠯᠳᠠᠨ ᠡᠯᠡᠰᠤᠨ ᠳᠤ ᠬᠤᠪᠣᠷ ᠴᠤᠬᠠᠭ ᠠᠮᠢᠳᠠᠨ ᠣᠷᠭᠤᠮᠠᠯ᠂ ᠬᠤᠷᠢ ᠭᠠᠷᠤᠢ ᠵᠣᠢ᠌ᠯ ᠤᠨ ᠠᠭᠤᠷᠬᠠᠢ ᠶᠢᠨ ᠪᠣᠯᠠᠭᠳᠠᠴᠠ ᠪᠠᠢ᠌ᠵᠤ᠂ ᠨᠠᠷᠠᠯᠠᠨ ᠳᠤᠳᠤᠯᠠᠭᠰᠠᠨ ᠦᠷᠠᠳᠤ ᠣᠷᠭᠤᠮᠠᠯ ᠤᠨ ᠳᠤᠳᠤᠷ᠎ᠠ ᠡᠮᠳᠤ ᠣᠷᠭᠤᠮᠠᠯ ᠭᠤᠷᠪᠠᠨ ᠵᠠᠭᠤ ᠭᠠᠷᠤᠢ ᠶᠢ ᠡᠵᠡᠯᠡᠨ᠂ ᠵᠠᠭᠤ ᠭᠠᠷᠤᠢ ᠭᠡᠭᠡᠷ᠎ᠡ ᠶᠢᠨ ᠠᠮᠢᠳᠠᠨ ᠴᠢᠯᠦᠭᠡᠳᠡᠢ ᠠᠮᠢᠳᠤᠷᠠᠵᠤ ᠪᠠᠢ᠌ᠭ᠎ᠠ ᠶᠤᠮ᠃

《ᠬᠤᠯᠠᠨ ᠰᠢᠷᠭ᠎ᠠ ᠳᠠᠭ᠎ᠠ ᠶᠢᠨ ᠠᠮᠢᠳᠠᠨ ᠡᠴᠡ ᠭᠠᠷᠬᠤ ᠡᠮᠳᠤ ᠪᠣᠳᠠᠰ》 ᠭᠡᠮᠡᠭᠦ ᠨᠤᠮ ᠨᠢ ᠰᠢᠯᠤᠭᠤᠨ ᠭᠦᠭᠡ ᠬᠤᠰᠢᠭᠤᠨ ᠤ ᠡᠯ᠎ᠡ ᠭᠠᠵᠠᠷ ᠳᠠᠷᠬᠠᠨ ᠠᠮᠢᠳᠤᠷᠠᠵᠤ ᠪᠠᠢ᠌ᠭ᠎ᠠ ᠵᠠᠭᠤ ᠭᠠᠷᠤᠢ ᠠᠮᠢᠳᠠᠨ ᠡᠴᠡ ᠭᠠᠷᠬᠤ ᠳᠠᠪᠤᠨ ᠵᠠᠭᠤ ᠭᠠᠷᠤᠢ ᠵᠣᠢ᠌ᠯ ᠤᠨ ᠡᠮᠳᠤ ᠪᠣᠳᠠᠰ ᠤᠨ ᠣᠢ᠌ᠯᠠᠳᠤᠯ᠂ ᠨᠤᠮᠬᠠᠤᠠᠬᠠᠯ᠂ ᠨᠠᠢ᠌ᠷᠠᠯᠭ᠎ᠠ ᠶᠢᠨ ᠵᠢᠱᠢᠶ᠎ᠠ᠂ ᠳᠦᠭᠦᠮ ᠵᠤᠷ ᠤᠳ ᠢ ᠡᠮᠭᠢᠦᠡᠭᠡᠨ ᠴᠤᠭᠯᠠᠭᠤᠯᠵᠤ ᠨᠠᠢ᠌ᠷᠠᠭᠤᠯᠤᠨ ᠪᠢᠴᠢᠭ᠍ᠰᠡᠨ ᠮᠤᠩᠭ᠋ᠤᠯ ᠡᠮᠨᠡᠯᠭᠡ ᠶᠢᠨ ᠳᠤᠬᠠᠢ ᠠᠩᠬᠠᠳᠠᠭᠴᠢ ᠨᠤᠮ ᠪᠣᠯᠤᠨ᠎ᠠ᠃


ᠮᠤᠷᠢ


ᠮᠤᠷᠢᠨ ᠤ ᠮᠢᠬ᠎ᠠ ᠊᠊᠊᠊᠊᠊᠊᠊᠊᠊᠊᠊᠊᠊᠊ ᠮᠤᠷᠢᠨ ᠤ ᠮᠢᠬ᠎ᠠ ᠣᠰᠤᠨ ᠬᠠᠪᠣᠩ ᠳᠤ ᠳᠤᠰᠠᠳᠠᠢ᠃

ᠮᠤᠷᠢᠨ ᠤ ᠬᠤᠯᠤᠩᠰᠤ ᠊᠊᠊᠊᠊᠊᠊᠊᠊᠊᠊᠊᠊᠊᠊ ᠮᠤᠷᠢᠨ ᠤ ᠬᠤᠯᠤᠩᠰᠤ ᠪᠠᠷ ᠪᠣᠯᠴᠢᠩ ᠣᠷᠪᠠᠬᠤ ᠶᠢ ᠳᠠᠷᠤᠨ᠎ᠠ᠃

ᠮᠤᠷᠢᠨ ᠤ ᠪᠠᠭᠠᠰᠤ ᠊᠊᠊᠊᠊᠊᠊᠊᠊᠊᠊᠊᠊᠊᠊ ᠮᠤᠷᠢᠨ ᠤ ᠪᠠᠭᠠᠰᠤ ᠬᠤᠷᠤᠬᠠᠢ ᠶᠢ ᠠᠷᠢᠯᠭᠠᠵᠤ᠂ ᠭᠡᠢ ᠰᠢᠷ᠎ᠠ ᠪᠠᠷ ᠪᠦᠭᠡᠯᠵᠢᠭᠦ ᠶᠢ ᠳᠤᠭᠳᠠᠭᠠᠨ᠎ᠠ᠃

ᠮᠤᠷᠢᠨ ᠤ ᠶᠠᠰᠤ ᠊᠊᠊᠊᠊᠊᠊᠊᠊᠊᠊᠊᠊᠊᠊ ᠮᠤᠷᠢᠨ ᠤ ᠶᠠᠰᠤ ᠪᠠᠷ ᠰᠢᠷ᠎ᠠ ᠣᠰᠤ ᠶᠢ ᠬᠠᠳᠠᠭᠠᠨ᠎ᠠ᠃

ᠵᠢᠷᠭᠤᠭᠠᠨ ᠭᠦᠭᠦᠯᠳᠤ ᠠᠵᠢᠷᠭᠠᠨ ᠤ ᠳᠠᠩᠨᠠᠢ ᠶᠢᠨ ᠶᠠᠰᠤ ᠊᠊᠊᠊᠊᠊᠊᠊᠊᠊᠊᠊᠊᠊᠊ ᠴᠢᠰᠤᠨ ᠰᠢᠷᠬᠠᠨ ᠳᠤ ᠳᠤᠰᠠᠳᠠᠢ᠃

ᠭᠡᠭᠦᠤ ᠶᠢᠨ ᠰᠥ᠋ ᠊᠊᠊᠊᠊᠊᠊᠊᠊᠊᠊᠊᠊᠊᠊ ᠠᠭᠤᠰᠭᠢ ᠶᠢ ᠠᠨᠠᠭᠠᠵᠤ᠂ ᠦᠶ᠎ᠡ ᠭᠡᠰᠢᠭᠦᠨ ᠤ ᠭᠡᠢ ᠶᠢ ᠠᠷᠢᠯᠭᠠᠨ᠎ᠠ᠃

ᠴᠡᠭᠡ ᠊᠊᠊᠊᠊᠊᠊᠊᠊᠊᠊᠊᠊᠊᠊ ᠠᠭᠤᠰᠭᠢ ᠶᠢ ᠳᠦᠯᠵᠢᠭᠦᠯᠤᠨ ᠭᠡᠢ ᠶᠢ ᠠᠷᠢᠯᠭᠠᠵᠤ ᠮᠢᠡᠴᠦᠷᠡᠭᠦᠯᠦᠨ᠎ᠡ᠃

ᠮᠤᠷᠢᠨ ᠤ ᠪᠦᠭᠡᠷ᠎ᠡ ᠊᠊᠊᠊᠊᠊᠊᠊᠊᠊᠊᠊᠊᠊᠊ ᠪᠦᠭᠡᠷᠡᠨ ᠳᠤ ᠪᠦᠷᠢᠯᠳᠦᠭ᠍ᠰᠡᠨ ᠡᠪᠠᠦᠡᠴᠢᠨ ᠳᠤ ᠰᠠᠢ᠌ᠨ᠃

ᠮᠤᠷᠢᠨ ᠤ ᠵᠢᠷᠦᠭᠡ ᠊᠊᠊᠊᠊᠊᠊᠊᠊᠊᠊᠊᠊᠊᠊ ᠦᠶᠡᠰ ᠲᠤ ᠰᠠᠷᠨᠢᠭᠰᠠᠨ ᠬᠤᠤᠷ ᠢ ᠠᠷᠢᠯᠭᠠᠨ᠎ᠠ᠃

ᠮᠤᠷᠢᠨ ᠤ ᠴᠢᠰᠤ ᠊᠊᠊᠊᠊᠊᠊᠊᠊᠊᠊᠊᠊᠊᠊ ᠣᠶᠠᠮᠠᠨ ᠡᠪᠠᠦᠡᠴᠢᠨ ᠳᠤ ᠰᠠᠢ᠌ᠨ᠃

ᠮᠤᠷᠢᠨ ᠤ ᠳᠡᠯᠢᠭᠦᠤ ᠊᠊᠊᠊᠊᠊᠊᠊᠊᠊᠊᠊᠊᠊᠊ ᠰᠢᠷᠬᠠᠨ ᠳᠤ ᠳᠤᠰᠠᠳᠠᠢ᠃

ᠴᠠᠭᠠᠨ ᠮᠤᠷᠢᠨ ᠤ ᠳᠤᠭᠤᠷᠠᠢ ᠊᠊᠊᠊᠊᠊᠊᠊᠊᠊᠊᠊᠊᠊᠊ ᠦᠨᠡᠰᠤ ᠮᠡᠩᠭᠡ ᠵᠡᠷᠭᠡ ᠠᠷᠠᠰᠤᠨ ᠡᠪᠠᠦᠡᠴᠢᠨ ᠢ ᠠᠷᠢᠯᠭᠠᠨ᠎ᠠ᠃

ᠮᠤᠷᠢᠨ ᠤ ᠥᠭᠡᠭᠦ ᠊᠊᠊᠊᠊᠊᠊᠊᠊᠊᠊᠊᠊᠊᠊ ᠥᠭᠡᠷ ᠨᠢᠱᠤᠭᠤ ᠶᠢ ᠠᠷᠢᠯᠭᠠᠨ᠂ ᠵᠠᠭᠠᠳᠤᠨᠠᠬᠤ ᠶᠢ ᠵᠤᠭᠰᠤᠭᠠᠨ᠎ᠠ᠃

ᠮᠤᠷᠢᠨ ᠤ ᠰᠦᠰᠦ ᠊᠊᠊᠊᠊᠊᠊᠊᠊᠊᠊᠊᠊᠊᠊ ᠰᠢᠷᠬ᠎ᠠ ᠶᠢ ᠠᠷᠢᠯᠭᠠᠨ᠎ᠠ᠃

ᠮᠤᠷᠢᠨ ᠤ ᠬᠤᠭᠤᠯᠠᠢ ᠊᠊᠊᠊᠊᠊᠊᠊᠊᠊᠊᠊᠊᠊᠊ ᠠᠰᠢᠭ ᠡᠪᠠᠦᠡᠴᠢᠨ ᠢ ᠠᠨᠠᠭᠠᠨ᠎ᠠ᠃

ᠮᠤᠷᠢᠨ ᠤ ᠰᠢᠪᠠᠷᠢ ᠊᠊᠊᠊᠊᠊᠊᠊᠊᠊᠊᠊᠊᠊᠊ ᠪᠣᠯᠴᠢᠩ ᠡᠷᠭᠢᠭᠦ ᠶᠢ ᠵᠠᠰᠠᠨ᠎ᠠ᠃

ᠣᠨᠠᠭᠠᠨ ᠤ ᠵᠤᠩᠭ᠋ᠠᠭ ᠊᠊᠊᠊᠊᠊᠊᠊᠊᠊᠊᠊᠊᠊᠊ ᠳᠦᠷᠦᠭ᠍ᠰᠡᠨ ᠳᠠᠷᠤᠢ ᠳᠤ ᠪᠠᠨ ᠥᠭᠦᠭ᠍ᠰᠡᠨ ᠣᠨᠠᠭᠠᠨ ᠤ ᠭᠡᠳᠡᠰᠤᠨ ᠳᠤᠳᠤᠷᠠᠭᠢ ᠪᠠᠭᠠᠰᠤ ᠶᠢ ᠵᠤᠩᠭ᠋ᠠᠭ ᠭᠡᠳᠡᠭ᠌᠂ ᠡᠨᠡ ᠨᠢ ᠬᠤᠤᠷ ᠡᠪᠠᠦᠡᠴᠢᠨ ᠤ ᠡᠮ ᠤᠨ ᠳᠡᠭᠡᠳᠤ ᠶᠤᠮ᠃

ᠮᠤᠷᠢᠨ ᠳᠤᠭᠤᠷᠠᠢ ᠊᠊᠊᠊᠊᠊᠊᠊᠊᠊᠊᠊᠊᠊᠊ ᠪᠠᠳᠠᠭᠢ ᠶᠢ ᠡᠪᠳᠡᠨ᠎ᠡ᠃

ᠭᠦᠭᠡ ᠠᠵᠢᠷᠭ᠎ᠠ ᠶᠢᠨ ᠪᠠᠭᠠᠰᠤ ᠊᠊᠊᠊᠊᠊᠊᠊᠊᠊᠊᠊᠊᠊᠊ ᠭᠠᠯᠵᠠᠭᠤ ᠶᠢᠨ ᠬᠤᠤᠷ ᠢ ᠳᠠᠷᠤᠨ᠎ᠠ᠃

ᠮᠤᠷᠢᠨ ᠰᠢᠭᠡᠰᠤ ᠊᠊᠊᠊᠊᠊᠊᠊᠊᠊᠊᠊᠊᠊᠊ ᠰᠤᠯᠢᠶᠠᠷᠬᠤ ᠶᠢ ᠳᠠᠷᠤᠨ᠎ᠠ᠃

ᠭᠡᠭᠦᠤ ᠶᠢᠨ ᠬᠠᠭ ᠊᠊᠊᠊᠊᠊᠊᠊᠊᠊᠊᠊᠊᠊᠊ ᠰᠢᠳᠠᠭᠳᠠᠭᠰᠠᠨ ᠰᠢᠷᠬ᠎ᠠ ᠶᠢ ᠵᠠᠰᠠᠬᠤ ᠳᠤ ᠭᠡᠷᠡᠭᠯᠡᠨ᠎ᠡ᠃

ᠮᠤᠷᠢᠨ ᠠᠭᠤᠰᠭᠢ ᠊᠊᠊᠊᠊᠊᠊᠊᠊᠊᠊᠊᠊᠊᠊ ᠠᠭᠤᠰᠭᠢ ᠨᠡᠪᠴᠢᠷᠡᠭ᠍ᠰᠡᠨ ᠢ ᠠᠨᠠᠭᠠᠨ ᠂ ᠠᠭᠤᠰᠭᠢ ᠶᠢ ᠰᠢᠮᠡᠵᠢᠭᠦᠯᠦᠨ᠎ᠡ᠃

ᠮᠤᠷᠢᠨ ᠤ ᠨᠢᠳᠤ ᠊᠊᠊᠊᠊᠊᠊᠊᠊᠊᠊᠊᠊᠊᠊ ᠭᠡᠦᠭᠡᠤᠨ ᠤᠨ ᠡᠳᠡᠭᠡᠤᠨ ᠡᠪᠠᠦᠡᠴᠢᠨ᠂ ᠣᠨᠠᠳᠠᠭ ᠡᠪᠠᠦᠡᠴᠢᠨ᠂ ᠱᠥᠯᠭᠦᠭᠡ ᠵᠡᠷᠭᠡ ᠶᠢ ᠠᠨᠠᠭᠠᠨ᠎ᠠ᠃

ᠮᠤᠷᠢᠨ ᠤ ᠳᠠᠷᠢᠭᠢ ᠊᠊᠊᠊᠊᠊᠊᠊᠊᠊᠊᠊᠊᠊᠊ ᠠᠷᠢᠭᠢᠨ ᠰᠢᠨᠤᠯ ᠡᠴᠡ ᠠᠷᠢᠯᠭᠠᠨ᠎ᠠ᠃

ᠮᠤᠷᠢᠨ ᠤ ᠳᠤᠯᠤᠭᠠᠢ ᠶᠢᠨ ᠶᠠᠰᠤ ᠊᠊᠊᠊᠊᠊᠊᠊᠊᠊᠊᠊᠊᠊᠊ ᠨᠣᠢ᠌ᠷ ᠢ ᠰᠡᠷᠭᠡᠭ᠍ᠰᠢᠭᠦᠯᠦᠨ᠎ᠡ᠃

ᠮᠤᠷᠢᠨ ᠤ ᠳᠠᠯ ᠊᠊᠊᠊᠊᠊᠊᠊᠊᠊᠊᠊᠊᠊᠊ ᠡᠮᠡᠭ᠍ᠳᠡᠢ ᠶᠢᠨ ᠣᠯᠠᠭᠠᠨ ᠴᠠᠭᠠᠨ ᠶᠢᠡᠷ ᠪᠠᠭᠤᠯᠭᠠᠬᠤ ᠡᠪᠠᠦᠡᠴᠢᠨ᠂ ᠨᠢᠯᠬ᠎ᠠ ᠭᠡᠦᠭᠡᠤᠨ ᠤᠨ ᠣᠨᠠᠳᠠᠭ ᠡᠪᠠᠦᠡᠴᠢᠨ ᠵᠡᠷᠭᠡ ᠳᠤ ᠰᠠᠢ᠌ᠨ᠃

ᠮᠤᠷᠢᠨ ᠤ ᠰᠢᠳᠤ ᠊᠊᠊᠊᠊᠊᠊᠊᠊᠊᠊᠊᠊᠊᠊ ᠨᠢᠯᠬ᠎ᠠ ᠭᠡᠦᠭᠡᠤᠨ ᠤᠨ ᠣᠨᠠᠳᠠᠭ ᠡᠪᠠᠦᠡᠴᠢᠨ᠂ ᠭᠡᠳᠡᠰᠤ ᠳᠦᠭᠦᠷᠡᠭᠦ ᠳᠤ ᠰᠠᠢ᠌ᠨ᠃

ᠵᠡᠭᠡᠷᠳᠡ ᠮᠤᠷᠢᠨ ᠤ ᠠᠷᠠᠰᠤ ᠊᠊᠊᠊᠊᠊᠊᠊᠊᠊᠊᠊᠊᠊᠊ ᠭᠦᠩᠭᠡᠵᠢᠭᠦ ᠶᠢ ᠳᠦᠷᠭᠡᠳᠭᠡᠨ᠎ᠡ᠃


ᠥᠭᠡᠷ


ᠦᠨᠢᠶᠠᠨ ᠰᠢᠭᠡᠰᠤ ᠊᠊᠊᠊᠊᠊᠊᠊᠊᠊᠊᠊᠊᠊᠊ ᠰᠢᠷ᠎ᠠ ᠣᠰᠤ ᠪᠠ ᠬᠠᠭᠤᠴᠢᠷᠠᠭᠰᠠᠨ ᠬᠠᠯᠠᠭᠤᠨ ᠢ ᠳᠤᠭᠤᠯᠭᠠᠨ᠎ᠠ᠃

ᠬᠠᠷ᠎ᠠ ᠥᠭᠡᠷ ᠤᠨ ᠰᠢᠯᠤᠰᠤ ᠊᠊᠊᠊᠊᠊᠊᠊᠊᠊᠊᠊᠊᠊᠊ ᠨᠠᠢ᠌ᠷᠠᠭᠤᠯᠤᠭᠰᠠᠨ ᠬᠤᠤᠷ ᠪᠠ ᠨᠢᠳᠤᠨ ᠳᠤ ᠰᠠᠢ᠌ᠨ᠃

ᠦᠨᠢᠶᠠᠨ ᠰᠥ᠋ ᠊᠊᠊᠊᠊᠊᠊᠊᠊᠊᠊᠊᠊᠊᠊ ᠠᠭᠤᠰᠭᠢ ᠨᠡᠪᠴᠢᠷᠡᠭ᠍ᠰᠡᠨ᠂ ᠠᠭᠤᠰᠭᠢᠨ ᠤ ᠠᠷᠬᠠᠭ᠂ ᠬᠠᠭᠤᠴᠢᠷᠠᠭᠰᠠᠨ ᠭᠢᠵᠢᠭ᠌᠂ ᠰᠢᠵᠢᠩ ᠳᠤ ᠳᠤᠰᠠᠳᠠᠢ ᠪᠦᠭᠡᠤᠨ ᠣᠶᠤᠨ ᠢ ᠬᠤᠷᠴᠠᠤᠠᠬᠠᠨ᠎ᠠ᠃

ᠥᠭᠡᠷ ᠤᠨ ᠵᠢᠷᠦᠭᠡ ᠊᠊᠊᠊᠊᠊᠊᠊᠊᠊᠊᠊᠊᠊᠊ ᠵᠢᠷᠦᠭᠡᠨ ᠳᠤ ᠰᠠᠢ᠌ᠨ᠃

ᠥᠭᠡᠷ ᠤᠨ ᠡᠯᠢᠭᠡ ᠊᠊᠊᠊᠊᠊᠊᠊᠊᠊᠊᠊᠊᠊᠊ ᠡᠯᠢᠭᠡᠨ ᠡᠪᠠᠦᠡᠴᠢᠨ ᠪᠠ ᠨᠢᠳᠤᠨ ᠤ ᠡᠪᠠᠦᠡᠴᠢᠨ ᠳᠤ ᠰᠠᠢ᠌ᠨ᠃

ᠥᠭᠡᠷ ᠤᠨ ᠠᠭᠤᠰᠭᠢ ᠊᠊᠊᠊᠊᠊᠊᠊᠊᠊᠊᠊᠊᠊᠊ ᠠᠭᠤᠰᠭᠢᠨ ᠡᠪᠠᠦᠡᠴᠢᠨ ᠳᠤ ᠰᠠᠢ᠌ᠨ᠃

ᠥᠭᠡᠷ ᠤᠨ ᠰᠦᠰᠦ ᠊᠊᠊᠊᠊᠊᠊᠊᠊᠊᠊᠊᠊᠊᠊ ᠰᠦᠰᠦᠨ ᠡᠪᠠᠦᠡᠴᠢᠨ ᠳᠤ ᠰᠠᠢ᠌ᠨ᠃

ᠬᠠᠷ᠎ᠠ ᠥᠭᠡᠷ ᠤᠨ ᠰᠦᠰᠦ ᠊᠊᠊᠊᠊᠊᠊᠊᠊᠊᠊᠊᠊᠊᠊ ᠨᠠᠢ᠌ᠷᠠᠭᠤᠯᠤᠭᠰᠠᠨ ᠬᠤᠤᠷ ᠨᠢᠳᠤᠨ ᠳᠤ ᠣᠷᠪᠠᠭᠰᠠᠨ ᠳᠤ ᠳᠤᠰᠠᠳᠠᠢ᠃

ᠠᠮᠢᠳᠤ ᠣᠯᠠᠭᠠᠨ ᠥᠭᠡᠷ ᠤᠨ ᠴᠢᠰᠤ ᠊᠊᠊᠊᠊᠊᠊᠊᠊᠊᠊᠊᠊᠊᠊ ᠠᠮᠢᠳᠤ ᠣᠯᠠᠭᠠᠨ ᠥᠭᠡᠷ ᠤᠨ ᠴᠢᠰᠤ ᠨᠢ ᠰᠤᠳᠠᠯ ᠳᠤ ᠪᠣᠷᠤᠭᠤᠯᠤᠭᠰᠠᠨ ᠬᠤᠤᠷ ᠤᠨ ᠡᠪᠠᠦᠡᠴᠢᠨ ᠤ ᠬᠠᠪᠴᠢᠯ ᠢ ᠪᠣᠭᠤᠨ᠎ᠠ᠃

ᠦᠨᠢᠶᠠᠨ ᠴᠢᠰᠤ ᠊᠊᠊᠊᠊᠊᠊᠊᠊᠊᠊᠊᠊᠊᠊ ᠬᠤᠤᠷ ᠢ ᠠᠷᠢᠯᠭᠠᠨ᠎ᠠ᠃

ᠥᠭᠡᠷ ᠤᠨ ᠮᠢᠬ᠎ᠠ ᠊᠊᠊᠊᠊᠊᠊᠊᠊᠊᠊᠊᠊᠊᠊ ᠥᠭᠡᠷ ᠤᠨ ᠰᠢᠨ᠎ᠠ ᠮᠢᠬ᠎ᠠ ᠨᠢ ᠰᠢᠷ᠎ᠠ ᠶᠢᠨ ᠬᠠᠯᠠᠭᠤᠨ ᠳᠤ ᠰᠠᠢ᠌ᠨ᠂ ᠣᠳᠠᠭᠠᠨ ᠵᠢᠯ ᠤᠨ ᠬᠠᠳᠠᠭᠰᠠᠨ ᠮᠢᠬ᠎ᠠ ᠨᠢ ᠭᠡᠢ ᠡᠪᠠᠦᠡᠴᠢᠨ ᠳᠤ ᠰᠠᠢ᠌ᠨ᠃

ᠥᠭᠡᠷ ᠤᠨ ᠥᠭᠡᠭᠦ ᠊᠊᠊᠊᠊᠊᠊᠊᠊᠊᠊᠊᠊᠊᠊ ᠬᠤᠯᠤᠩᠰᠤ ᠶᠢᠨ ᠦᠨᠦᠷ ᠢ ᠳᠠᠷᠤᠨ᠎ᠠ᠃

ᠥᠭᠡᠷ ᠤᠨ ᠴᠢᠮᠦᠭᠡ ᠊᠊᠊᠊᠊᠊᠊᠊᠊᠊᠊᠊᠊᠊᠊ ᠳᠤᠰᠤᠯ ᠢ ᠨᠥᠭᠦᠪᠦᠷᠢᠯᠡᠵᠤ᠂ ᠠᠭᠤᠰᠭᠢ ᠶᠢ ᠵᠥᠭᠡᠯᠡᠷᠡᠭᠦᠯᠭᠦ ᠪᠦᠭᠡᠤᠨ ᠳᠡᠯᠢᠭᠦᠨ ᠳᠠᠮᠢᠷ ᠢ ᠰᠠᠢ᠌ᠵᠢᠷᠠᠭᠤᠯᠵᠤ᠂ ᠴᠤᠭᠯᠠᠷᠠᠭᠰᠠᠨ ᠢ ᠳᠠᠷᠬᠠᠭᠠᠨ᠎ᠠ᠃

ᠬᠤᠸᠠᠭᠴᠢ ᠦᠨᠢᠶᠠᠨ ᠤ ᠰᠦᠰᠦ ᠊᠊᠊᠊᠊᠊᠊᠊᠊᠊᠊᠊᠊᠊᠊ ᠰᠤᠯᠢᠶᠠᠷᠠᠬᠤ ᠶᠢ ᠳᠠᠷᠤᠨ᠎ᠠ᠃

ᠭᠤᠠᠵᠢᠨ ᠦᠨᠢᠶᠠᠨ ᠤ ᠪᠠᠭᠠᠰᠤ ᠊᠊᠊᠊᠊᠊᠊᠊᠊᠊᠊᠊᠊᠊᠊ ᠠᠮᠢᠰᠬᠤᠭ᠎ᠠ ᠠᠮᠤᠷ ᠦᠭᠡᠶ ᠳᠤ ᠳᠤᠰᠠᠳᠠᠢ ᠪᠦᠭᠡᠤᠨ ᠰᠢᠷ᠎ᠠ ᠣᠰᠤ᠂ ᠨᠢᠰᠤᠭᠤ᠂ ᠭᠦᠪᠳᠦᠷᠦᠤ ᠳᠤ ᠰᠠᠢ᠌ᠨ᠃

ᠣᠯᠠᠭᠠᠨ ᠳᠠᠷᠯᠠᠨ ᠦᠨᠢᠶᠠᠨ ᠤ ᠪᠠᠭᠠᠰᠤ ᠊᠊᠊᠊᠊᠊᠊᠊᠊᠊᠊᠊᠊᠊᠊ ᠰᠢᠷ᠎ᠠ ᠣᠰᠤᠨ ᠡᠴᠡ ᠪᠣᠯᠤᠭᠰᠠᠨ ᠨᠢᠱᠤᠭᠤ᠂ ᠭᠦᠪᠳᠦᠷᠦᠤ ᠶᠢ ᠬᠠᠳᠠᠭᠠᠬᠤ ᠪᠦᠭᠡᠤᠨ ᠵᠢᠩ ᠳᠠᠯᠪᠢᠪᠠᠯ ᠬᠤᠷᠤᠬᠠᠢ ᠡᠴᠡ ᠪᠣᠯᠤᠭᠰᠠᠨ ᠨᠢᠳᠤᠨ ᠡᠪᠠᠦᠡᠴᠢᠨ ᠪᠠ ᠴᠢᠭᠢᠬ᠎ᠠ ᠳᠤ ᠳᠤᠰᠠᠯᠠᠨ᠎ᠠ᠃ ᠭᠠᠵᠠᠷ ᠭᠦᠷᠭᠡᠭᠦ ᠦᠭᠡᠶ ᠠᠪᠣᠪᠠᠯ ᠣᠷᠪᠠᠭᠰᠠᠨ ᠬᠤᠤᠷ ᠲᠤ ᠳᠤᠰᠠᠳᠠᠢ᠃

ᠥᠭᠡᠷ ᠤᠨ ᠬᠤᠳᠤᠭᠤᠳᠤ ᠊᠊᠊᠊᠊᠊᠊᠊᠊᠊᠊᠊᠊᠊᠊ ᠣᠮᠳᠠᠭᠠᠰᠬᠤ ᠶᠢ ᠵᠤᠭᠰᠤᠭᠠᠵᠤ᠂ ᠳᠠᠪᠤᠨ ᠴᠤᠯᠤ ᠶᠢ ᠰᠠᠢ᠌ᠵᠢᠷᠠᠭᠤᠯᠤᠨ᠎ᠠ᠃

ᠥᠭᠡᠷ ᠤᠨ ᠶᠠᠰᠤ ᠊᠊᠊᠊᠊᠊᠊᠊᠊᠊᠊᠊᠊᠊᠊ ᠬᠠᠮᠠᠷ ᠤᠨ ᠳᠤᠳᠤᠷᠠᠭᠢ ᠶᠠᠷ᠎ᠠ ᠳᠤ ᠰᠠᠢ᠌ᠨ᠃

ᠥᠭᠡᠷ ᠤᠨ ᠳᠤᠭᠤᠷᠠᠢ ᠊᠊᠊᠊᠊᠊᠊᠊᠊᠊᠊᠊᠊᠊᠊ ᠡᠮᠡᠭ᠍ᠳᠡᠢ ᠶᠢᠨ ᠣᠯᠠᠭᠠᠨ ᠴᠠᠭᠠᠨ ᠶᠢᠡᠷ ᠪᠠᠭᠤᠯᠭᠠᠬᠤ ᠡᠪᠠᠦᠡᠴᠢᠨ ᠳᠤ ᠰᠠᠢ᠌ᠨ᠃

ᠥᠭᠡᠷ ᠤᠨ ᠡᠪᠠᠷ ᠤᠨ ᠭᠢᠷᠪᠣᠰᠤ ᠊᠊᠊᠊᠊᠊᠊᠊᠊᠊᠊᠊᠊᠊᠊ ᠡᠯᠢᠭᠡᠨ ᠤ ᠬᠠᠯᠠᠭᠤᠨ ᠢ ᠠᠷᠢᠯᠭᠠᠨ᠎ᠠ᠃

ᠪᠣᠬ᠎ᠠ ᠶᠢᠨ ᠡᠪᠠᠷ ᠊᠊᠊᠊᠊᠊᠊᠊᠊᠊᠊᠊᠊᠊᠊ ᠳᠤᠯᠤᠭᠠᠢ ᠬᠠᠭᠠᠷᠠᠭᠰᠠᠨ ᠰᠢᠷᠬᠠᠨ ᠳᠤ ᠰᠠᠢ᠌ᠨ᠃

ᠬᠠᠷ᠎ᠠ ᠪᠣᠬ᠎ᠠ ᠶᠢᠨ ᠡᠪᠠᠷ ᠊᠊᠊᠊᠊᠊᠊᠊᠊᠊᠊᠊᠊᠊᠊ ᠬᠤᠯᠤᠭᠠᠨ᠎ᠠ ᠶᠠᠷ᠎ᠠ ᠳᠤ ᠰᠠᠢ᠌ᠨ᠃

ᠥᠭᠡᠷ ᠤᠨ ᠪᠦᠭᠡᠷ᠎ᠡ ᠊᠊᠊᠊᠊᠊᠊᠊᠊᠊᠊᠊᠊᠊᠊ ᠪᠦᠭᠡᠷ᠎ᠡ ᠶᠢᠨ ᠬᠠᠯᠠᠭᠤᠨ ᠳᠤ ᠰᠠᠢ᠌ᠨ᠃

ᠥᠭᠡᠷ ᠤᠨ ᠴᠢᠰᠤ ᠊᠊᠊᠊᠊᠊᠊᠊᠊᠊᠊᠊᠊᠊᠊ ᠰᠠᠷᠨᠢᠭᠰᠠᠨ ᠬᠤᠤᠷ ᠢ ᠬᠤᠷᠢᠶᠠᠨ᠎ᠠ᠃

ᠥᠭᠡᠷ ᠤᠨ ᠳᠡᠯᠢᠭᠦᠤ ᠊᠊᠊᠊᠊᠊᠊᠊᠊᠊᠊᠊᠊᠊᠊ ᠶᠠᠷ᠎ᠠ᠂ ᠰᠢᠷᠬ᠎ᠠ᠂ ᠬᠤᠤᠷ ᠲᠤ ᠰᠠᠢ᠌ᠨ᠃

ᠬᠠᠷ᠎ᠠ ᠪᠣᠬ᠎ᠠ ᠶᠢᠨ ᠣᠮᠠᠳᠠᠭ ᠤᠨ ᠦᠰᠦ ᠊᠊᠊᠊᠊᠊᠊᠊᠊᠊᠊᠊᠊᠊᠊ ᠰᠢᠷᠬ᠎ᠠ ᠶᠢ ᠡᠳᠡᠭᠡᠭᠡᠵᠤ᠂ ᠥᠭᠡᠷᠢ᠂ ᠰᠢᠷ᠎ᠠ ᠣᠰᠤ ᠶᠢ ᠬᠠᠳᠠᠭᠠᠨ᠎ᠠ᠃

ᠳᠤᠰᠤ ᠦᠭᠡᠶ ᠳᠠᠷᠠᠭ ᠊᠊᠊᠊᠊᠊᠊᠊᠊᠊᠊᠊᠊᠊᠊ ᠰᠠᠭᠤᠯᠭᠠᠬᠤ ᠶᠢ ᠵᠤᠭᠰᠤᠭᠠᠵᠤ᠂ ᠳᠠᠭᠰᠢᠭᠤᠷ ᠭᠢᠵᠢᠭ᠌ ᠭᠢᠮᠤᠷᠠᠭᠰᠠᠨ ᠢ ᠳᠠᠷᠤᠨ᠎ᠠ᠃ ᠭᠡᠢ ᠳᠤ ᠨᠥᠯᠦᠭᠡᠨ ᠲᠡᠶ᠃

ᠳᠤᠰᠤ ᠲᠡᠶ ᠬᠠᠯᠠᠭᠤᠨ ᠳᠠᠷᠠᠭ ᠊᠊᠊᠊᠊᠊᠊᠊᠊᠊᠊᠊᠊᠊᠊ ᠨᠠᠮᠤᠷ ᠬᠠᠪᠣᠷ ᠲᠤ ᠰᠦᠨᠢ ᠣᠤᠭᠤᠪᠠᠯ ᠬᠤᠤᠷ ᠮᠠᠳᠤ᠂ ᠰᠢᠭᠢᠷ᠂ ᠪᠠᠯ᠂ ᠵᠦᠷᠤᠷ᠎ᠠ ᠲᠡᠶ ᠬᠤᠯᠢᠪᠠᠯ ᠰᠠᠢ᠌ᠨ᠃

ᠠᠢ᠌ᠷᠠᠭ ᠊᠊᠊᠊᠊᠊᠊᠊᠊᠊᠊᠊᠊᠊᠊ ᠰᠢᠨ᠎ᠠ ᠠᠢ᠌ᠷᠠᠭ ᠨᠢ ᠡᠭᠡᠭᠦᠨ᠂ ᠭᠦᠴᠢᠯᠯᠢᠭ᠌᠂ ᠣᠰᠤᠨ ᠬᠠᠪᠣᠩ᠂ ᠨᠠᠢ᠌ᠷᠠᠭᠤᠯᠤᠭᠰᠠᠨ ᠬᠤᠤᠷ ᠵᠡᠷᠭᠡ ᠶᠢ ᠠᠷᠢᠯᠭᠠᠨ᠎ᠠ᠃

ᠡᠭᠡᠳᠡᠮ ᠪᠠ ᠣᠭᠤᠷᠠᠭ ᠊᠊᠊᠊᠊᠊᠊᠊᠊᠊᠊᠊᠊᠊᠊ ᠭᠦᠴᠤᠨ ᠢ ᠡᠭᠦᠰᠭᠡᠭᠦ᠂ ᠳᠤᠰᠤᠯ ᠢ ᠠᠷᠪᠢᠵᠢᠭᠤᠯᠬᠤ᠂ ᠨᠣᠢ᠌ᠷ ᠢ ᠶᠡᠭᠡᠳᠭᠡᠭᠦ᠂ ᠪᠠᠤᠠᠭᠠᠨ ᠢ ᠡᠭᠦᠰᠭᠡᠭᠦ᠂ ᠬᠤᠷᠭᠤᠰᠤ ᠬᠠᠳᠠᠬᠤ ᠵᠡᠷᠭᠡ ᠶᠢ ᠵᠠᠰᠠᠨ᠎ᠠ᠃

ᠥᠩᠭᠦᠷ ᠤᠨ ᠳᠤᠰᠤ᠂ ᠵᠥᠭᠡᠭᠡᠢ ᠊᠊᠊᠊᠊᠊᠊᠊᠊᠊᠊᠊᠊᠊᠊ ᠭᠦᠴᠤᠨ ᠢ ᠡᠭᠦᠰᠭᠡᠭᠦ᠂ ᠳᠤᠰᠤᠯ ᠢ ᠠᠷᠪᠢᠵᠢᠭᠤᠯᠬᠤ᠂ ᠨᠣᠢ᠌ᠷ ᠢ ᠶᠡᠭᠡᠳᠭᠡᠭᠦ ᠂ ᠪᠠᠤᠠᠭᠠᠨ ᠢ ᠡᠭᠦᠰᠭᠡᠭᠦ᠂ ᠬᠤᠷᠭᠤᠰᠤ ᠬᠠᠳᠠᠬᠤ ᠵᠡᠷᠭᠡ ᠶᠢ ᠵᠠᠰᠠᠨ᠎ᠠ᠃

ᠵᠥᠭᠡᠭᠡᠢ᠂ ᠨᠤᠤᠯᠭᠤᠷ ᠊᠊᠊᠊᠊᠊᠊᠊᠊᠊᠊᠊᠊᠊᠊ ᠭᠡᠢ ᠰᠢᠷ᠎ᠠ ᠶᠢ ᠡᠭᠦᠰᠭᠡᠭᠦ ᠦᠭᠡᠶ ᠪᠠᠷ ᠪᠠᠤᠠᠭᠠᠨ ᠢ ᠠᠷᠢᠯᠭᠠᠨ᠎ᠠ᠃

ᠳᠠᠷᠠᠭ ᠤᠨ ᠭᠦᠷᠦᠩᠭᠡ ᠊᠊᠊᠊᠊᠊᠊᠊᠊᠊᠊᠊᠊᠊᠊ ᠭᠡᠢ ᠪᠠ ᠠᠷᠠᠰᠤᠨ ᠡᠪᠠᠦᠡᠴᠢᠨ ᠢ ᠠᠷᠢᠯᠭᠠᠵᠤ᠂ ᠰᠠᠭᠤᠯᠭᠠᠬᠤ ᠶᠢ ᠵᠤᠭᠰᠤᠭᠠᠨ᠎ᠠ᠃

ᠱᠥᠭᠦᠭ᠍ᠰᠡᠨ ᠳᠠᠷᠠᠭ ᠊᠊᠊᠊᠊᠊᠊᠊᠊᠊᠊᠊᠊᠊᠊ ᠰᠢᠷᠬᠠᠨ ᠳᠤ ᠳᠤᠰᠠᠳᠠᠢ᠃

ᠴᠢᠨᠠᠭᠰᠠᠨ ᠳᠠᠷᠠᠭ ᠊᠊᠊᠊᠊᠊᠊᠊᠊᠊᠊᠊᠊᠊᠊ ᠬᠤᠷᠭᠤᠰᠤ ᠶᠢ ᠬᠠᠳᠠᠭᠠᠵᠤ᠂ ᠰᠠᠭᠤᠯᠭᠠᠬᠤ ᠶᠢ ᠵᠤᠭᠰᠤᠨ᠎ᠠ᠃

ᠳᠠᠷᠠᠭ ᠤᠨ ᠰᠢᠷ᠎ᠠ ᠣᠰᠤ ᠊᠊᠊᠊᠊᠊᠊᠊᠊᠊᠊᠊᠊᠊᠊ ᠣᠯᠤᠭᠠᠢ ᠶᠢᠨ ᠡᠪᠠᠦᠡᠴᠢᠨ᠂ ᠰᠤᠳᠠᠯ ᠤᠨ ᠡᠪᠠᠦᠡᠴᠢᠨ ᠢ ᠵᠠᠰᠠᠬᠤ ᠪᠦᠭᠡᠤᠨ ᠰᠢᠳᠤ ᠣᠷᠭᠤᠭᠤᠯᠤᠨ᠎ᠠ᠃

ᠰᠥ᠋ ᠶᠢᠨ ᠦᠷᠦᠮ᠎ᠡ ᠊᠊᠊᠊᠊᠊᠊᠊᠊᠊᠊᠊᠊᠊᠊ ᠰᠤᠳᠠᠯ ᠳᠠᠰᠤᠷᠠᠭᠰᠠᠨ ᠢ ᠵᠠᠯᠠᠭᠠᠵᠤ᠂ ᠭᠦᠵᠢᠭᠦᠯᠦᠨ᠎ᠡ᠃

ᠬᠠᠭᠤᠴᠢᠨ ᠳᠤᠰᠤ ᠊᠊᠊᠊᠊᠊᠊᠊᠊᠊᠊᠊᠊᠊᠊ ᠰᠤᠯᠢᠶᠠᠷᠬᠤ᠂ ᠣᠮᠠᠷᠳᠠᠬᠤ ᠵᠡᠷᠭᠡ ᠡᠪᠠᠦᠡᠴᠢᠨ ᠳᠤ ᠳᠤᠰᠠᠯᠠᠨ᠎ᠠ᠃ ᠴᠢᠭᠢ᠂ ᠨᠢᠳᠤ᠂ ᠳᠠᠷᠢᠭᠢᠨ ᠡᠪᠠᠦᠡᠴᠢᠨ ᠢ ᠠᠨᠠᠭᠠᠨ᠎ᠠ᠃

ᠰᠤᠮᠠᠷ ᠊᠊᠊᠊᠊᠊᠊᠊᠊᠊᠊᠊᠊᠊᠊ ᠰᠦᠨ ᠤ ᠰᠠᠭᠤᠯᠭ᠎ᠠ ᠳᠤ ᠳᠤᠭᠳᠠᠭᠰᠠᠨ ᠥᠩᠭᠦᠷ ᠢ ᠭᠡᠯᠡᠭᠦ ᠪᠦᠭᠡᠤᠨ ᠰᠢᠷ᠎ᠠ ᠣᠰᠤ᠂ ᠠᠷᠠᠰᠤᠨ ᠡᠪᠠᠦᠡᠴᠢᠨ᠂ ᠪᠠᠤᠠᠭᠠᠨ ᠭᠡᠢ ᠵᠡᠷᠭᠡ ᠳᠤ ᠳᠤᠰᠠᠳᠠᠢ᠃

ᠳᠠᠷᠠᠭ ᠤᠨ ᠰᠢᠭᠦᠰᠤ ᠊᠊᠊᠊᠊᠊᠊᠊᠊᠊᠊᠊᠊᠊᠊ ᠶᠠᠷ᠎ᠠ ᠳᠤ ᠳᠤᠰᠠᠳᠠᠢ᠃

ᠰᠢᠨ᠎ᠠ ᠴᠠᠭᠠᠨ ᠳᠤᠰᠤ ᠊᠊᠊᠊᠊᠊᠊᠊᠊᠊᠊᠊᠊᠊᠊ ᠰᠢᠨ᠎ᠠ ᠴᠠᠭᠠᠨ ᠳᠤᠰᠤ ᠨᠢ ᠥᠩᠭᠡᠵᠢᠭᠦᠯᠭᠦ᠂ ᠭᠦᠴᠦᠵᠢᠭᠦᠯᠭᠦ᠂ ᠰᠠᠭᠤᠯᠭᠠᠬᠤ ᠶᠢ ᠵᠤᠭᠰᠤᠭᠠᠬᠤ᠂ ᠢᠯᠴᠢ ᠶᠢ ᠡᠭᠦᠰᠭᠡᠭᠦ ᠪᠠ ᠳᠠᠮᠢᠷᠵᠢᠭᠤᠯᠤᠨ᠎ᠠ᠃

ᠬᠠᠢ᠌ᠯᠤᠭᠰᠠᠨ ᠰᠢᠷ᠎ᠠ ᠳᠤᠰᠤ ᠊᠊᠊᠊᠊᠊᠊᠊᠊᠊᠊᠊᠊᠊᠊ ᠣᠬᠠᠭᠠᠨ ᠢ ᠬᠤᠷᠴᠠ ᠪᠣᠯᠭᠠᠬᠤ᠂ ᠳᠤᠷᠠᠳᠤᠯ ᠢ ᠳᠤᠳᠤᠷᠠᠭᠤᠯᠬᠤ᠂ ᠰᠠᠤᠠᠭᠢᠯ ᠵᠥᠭᠡᠯᠡᠷᠡᠭᠦᠯᠭᠦ᠂ ᠨᠠᠰᠤ ᠶᠢ ᠣᠷᠳᠤᠤᠠᠬᠠᠬᠤ᠂ ᠨᠢᠳᠤ ᠪᠠ ᠥᠩᠭᠡ ᠶᠢ ᠰᠠᠢ᠌ᠵᠢᠷᠠᠭᠤᠯᠬᠤ ᠵᠡᠷᠭᠡ ᠳᠤ ᠰᠠᠢ᠌ᠨ᠃


ᠳᠡᠮᠡᠭᠡ


ᠳᠡᠮᠡᠭᠡᠨ ᠨᠤᠤᠰᠤ ᠊᠊᠊᠊᠊᠊᠊᠊᠊᠊᠊᠊᠊᠊᠊ ᠬᠤᠤᠪᠢᠯᠳᠤᠭᠰᠠᠨ ᠶᠠᠷ᠎ᠠ ᠶᠢ ᠨᠤᠮᠤᠠᠬᠤᠬᠠᠨ᠎ᠠ᠃

ᠳᠡᠮᠡᠭᠡᠨ ᠦᠰᠦᠨ ᠤ ᠭᠢᠷᠪᠣᠰᠤ ᠊᠊᠊᠊᠊᠊᠊᠊᠊᠊᠊᠊᠊᠊᠊ ᠬᠠᠮᠠᠷ ᠤᠨ ᠴᠢᠰᠤ ᠶᠢ ᠵᠤᠭᠰᠤᠭᠠᠨ᠎ᠠ᠃

ᠢᠩᠭᠡᠨ ᠳᠡᠮᠡᠭᠡᠨ ᠤ ᠮᠢᠬ᠎ᠠ ᠊᠊᠊᠊᠊᠊᠊᠊᠊᠊᠊᠊᠊᠊᠊ ᠰᠠ‍‌ᠶᠢ ᠪᠣᠳᠤᠭᠤᠯᠠᠭᠰᠠᠨ ᠢᠩᠭᠡᠨ ᠳᠡᠮᠡᠭᠡᠨ ᠤ ᠮᠢᠬ᠎ᠠ ᠨᠢ ᠨᠢᠷᠠᠢ ᠮᠢᠬ᠎ᠠ ᠶᠢ ᠳᠦᠯᠦᠵᠢᠭᠦᠯᠭᠦ ᠪᠦᠭᠡᠤᠨ ᠰᠢᠷᠬᠠᠨ ᠳᠤ ᠳᠤᠰᠠᠳᠠᠢ᠃

ᠳᠡᠮᠡᠭᠡᠨ ᠶᠠᠰᠤ ᠊᠊᠊᠊᠊᠊᠊᠊᠊᠊᠊᠊᠊᠊᠊ ᠰᠢᠭᠡᠰᠤ ᠬᠠᠭᠠᠭᠳᠠᠭᠰᠠᠨ ᠳᠤ ᠰᠠᠢ᠌ᠨ᠃

ᠪᠣᠳᠤᠭᠤ ᠶᠢᠨ ᠰᠢᠨ᠎ᠠ ᠮᠢᠬ᠎ᠠ ᠊᠊᠊᠊᠊᠊᠊᠊᠊᠊᠊᠊᠊᠊᠊ ᠰᠢᠷ᠎ᠠ ᠡᠴᠡ ᠪᠣᠯᠤᠭᠰᠠᠨ ᠰᠤᠯᠢᠶ᠎ᠠ ᠡᠪᠠᠦᠡᠴᠢᠨ ᠳᠤ ᠰᠠᠢ᠌ᠨ᠃

ᠳᠡᠮᠡᠭᠡᠨ ᠬᠤᠯᠤᠭᠤ ᠊᠊᠊᠊᠊᠊᠊᠊᠊᠊᠊᠊᠊᠊᠊ ᠴᠠᠭᠠᠨ ᠳᠡᠮᠡᠭᠡᠨ ᠤ ᠬᠤᠯᠤᠭᠤ ᠴᠢᠭᠢ ᠳᠦᠯᠡᠢ᠌ᠷᠡᠭ᠍ᠰᠡᠨ ᠢ ᠵᠠᠰᠠᠨ᠎ᠠ᠃

ᠪᠣᠤᠷ᠎ᠠ ᠶᠢᠨ ᠪᠣᠭᠢ ᠊᠊᠊᠊᠊᠊᠊᠊᠊᠊᠊᠊᠊᠊᠊ ᠬᠠᠯᠳᠠᠪᠣᠷᠢᠳᠤ ᠡᠪᠠᠦᠡᠴᠢᠨ ᠢ ᠰᠡᠷᠭᠡᠢ᠌ᠯᠡᠨ᠎ᠡ᠃

ᠢᠩᠭᠡᠨ ᠤ ᠰᠥ᠋᠂ ᠳᠠᠷᠠᠭ ᠊᠊᠊᠊᠊᠊᠊᠊᠊᠊᠊᠊᠊᠊᠊ ᠬᠤᠤᠷᠠᠳᠤ ᠬᠤᠷᠤᠬᠠᠢ ᠳᠤ ᠬᠠᠤᠠᠬᠤᠭᠳᠠᠭᠰᠠᠨ ᠰᠢᠷᠬ᠎ᠠ ᠪᠠ ᠪᠠᠮ ᠡᠪᠠᠦᠡᠴᠢᠨ ᠳᠤ ᠰᠠᠢ᠌ᠨ᠃

ᠳᠦᠷᠦᠮᠡᠭ᠍ᠴᠡ ᠥᠭᠦᠭ᠍ᠰᠡᠨ ᠪᠣᠳᠤᠭᠤ ᠶᠢᠨ ᠮᠢᠬ᠎ᠠ ᠊᠊᠊᠊᠊᠊᠊᠊᠊᠊᠊᠊᠊᠊᠊ ᠮᠢᠬ᠎ᠠ ᠳᠦᠷᠦᠭᠦᠯᠭᠦ ᠣᠢ᠌ᠯᠠᠳᠤᠯ ᠲᠡᠶ᠃

ᠳᠡᠮᠡᠭᠡᠨ ᠬᠤᠷᠭᠤᠤᠯ ᠊᠊᠊᠊᠊᠊᠊᠊᠊᠊᠊᠊᠊᠊᠊ ᠮᠤᠭᠠᠢ ᠶᠢᠨ ᠬᠤᠤᠷ᠎ᠠ ᠶᠢ ᠳᠠᠢ᠌ᠯᠤᠨ᠎ᠠ᠃

ᠳᠡᠮᠡᠭᠡᠨ ᠥᠭᠡᠭᠦ ᠊᠊᠊᠊᠊᠊᠊᠊᠊᠊᠊᠊᠊᠊᠊ ᠮᠠᠳᠠᠷᠠᠯ ᠳᠠᠳᠠᠯᠳᠤᠬᠤ᠂ ᠠᠷᠠᠰᠤᠨ ᠡᠪᠠᠦᠡᠴᠢᠨ ᠵᠡᠷᠭᠡ ᠶᠢ ᠠᠨᠠᠭᠠᠨ᠎ᠠ᠃

ᠳᠡᠮᠡᠭᠡᠨ ᠤ ᠡᠷᠡᠤ ᠶᠢᠨ ᠦᠰᠦ ᠊᠊᠊᠊᠊᠊᠊᠊᠊᠊᠊᠊᠊᠊᠊ ᠬᠤᠰᠭᠢᠨᠠᠭ ᠤᠨ ᠭᠦᠪᠳᠦᠷᠦᠤ ᠶᠢ ᠠᠷᠢᠯᠭᠠᠨ᠎ᠠ᠃

ᠪᠣᠤᠷ᠎ᠠ ᠶᠢᠨ ᠰᠢᠭᠡᠰᠤ ᠊᠊᠊᠊᠊᠊᠊᠊᠊᠊᠊᠊᠊᠊᠊ ᠭᠦᠳᠡᠳᠦᠭᠰᠡᠨ ᠰᠢᠳᠤ ᠶᠢ ᠠᠷᠢᠯᠭᠠᠨ᠎ᠠ᠃

ᠳᠡᠮᠡᠭᠡᠨ ᠳᠤᠯᠤᠭᠠᠢ ᠶᠢᠨ ᠶᠠᠰᠤ ᠊᠊᠊᠊᠊᠊᠊᠊᠊᠊᠊᠊᠊᠊᠊ ᠬᠠᠭᠠᠯᠠᠭᠰᠠᠨ ᠰᠢᠷᠬᠠᠨ ᠳᠤ ᠰᠠᠢ᠌ᠨ᠃


ᠬᠤᠨᠢ


ᠬᠤᠨᠢᠨ ᠳᠤᠯᠤᠭᠠᠢ ᠊᠊᠊᠊᠊᠊᠊᠊᠊᠊᠊᠊᠊᠊᠊ ᠬᠤᠨᠢᠨ ᠳᠤᠯᠤᠭᠠᠢ ᠶᠢ ᠴᠢᠨᠠᠭᠰᠠᠨ ᠱᠦᠯᠤ ᠪᠠᠷ ᠭᠡᠢ ᠡᠪᠠᠦᠡᠴᠢᠨ ᠢ ᠠᠷᠢᠯᠭᠠᠨ᠎ᠠ᠃ ᠡᠷᠡᠭ᠍ᠳᠡᠢ ᠭᠦᠮᠤᠨ ᠳᠤ ᠡᠮ᠎ᠡ ᠬᠤᠨᠢᠨ ᠤ ᠳᠤᠯᠤᠭᠠᠢ᠂ ᠡᠮᠡᠭ᠍ᠳᠡᠢ ᠭᠦᠮᠤᠨ ᠳᠤ ᠡᠷ᠎ᠡ ᠬᠤᠨᠢᠨ ᠳᠤᠯᠤᠭᠠᠢ ᠰᠠᠢ᠌ᠨ᠃

ᠬᠤᠨᠢᠨ ᠶᠠᠰᠤ ᠊᠊᠊᠊᠊᠊᠊᠊᠊᠊᠊᠊᠊᠊᠊ ᠪᠦᠭᠦᠨ ᠶᠢᠡᠷ ᠭᠡᠢ ᠡᠪᠠᠦᠡᠴᠢᠨ ᠢ ᠠᠷᠢᠯᠭᠠᠨ᠎ᠠ᠃

ᠬᠤᠨᠢᠨ ᠤ ᠳᠣᠢ᠌ᠭ ᠤᠨ ᠶᠠᠰᠤ ᠊᠊᠊᠊᠊᠊᠊᠊᠊᠊᠊᠊᠊᠊᠊ ᠰᠢᠭᠡᠰᠤ ᠬᠠᠭᠠᠭᠳᠠᠭᠰᠠᠨ ᠢ ᠠᠷᠢᠯᠭᠠᠨ᠎ᠠ᠃

ᠬᠤᠨᠢᠨ ᠳᠠᠷᠢᠭᠢ ᠊᠊᠊᠊᠊᠊᠊᠊᠊᠊᠊᠊᠊᠊᠊ ᠳᠤᠯᠤᠭᠠᠢ ᠡᠷᠭᠢᠭᠦ ᠶᠢ ᠵᠤᠭᠰᠤᠭᠠᠨ ᠮᠠᠨᠠᠷᠠᠬᠤ ᠶᠢ ᠠᠷᠢᠯᠭᠠᠨ᠎ᠠ᠃

ᠬᠤᠨᠢᠨ ᠤ ᠳᠠᠯᠤ ᠶᠢᠨ ᠪᠠᠷᠢᠭᠤᠯ ᠊᠊᠊᠊᠊᠊᠊᠊᠊᠊᠊᠊᠊᠊᠊ ᠳᠠᠯᠤ ᠶᠢᠨ ᠪᠠᠷᠢᠭᠤᠯ ᠤᠨ ᠱᠦᠯᠤ ᠪᠣᠯ ᠮᠢᠬ᠎ᠠ ᠡᠰᠡ ᠰᠢᠩᠭᠡᠭᠡᠭ᠍ᠰᠡᠨ ᠢ ᠰᠢᠩᠭᠡᠭᠡᠨ᠎ᠡ᠃

ᠬᠤᠨᠢᠨ ᠤ ᠪᠣᠷᠪᠢ ᠊᠊᠊᠊᠊᠊᠊᠊᠊᠊᠊᠊᠊᠊᠊ ᠪᠣᠷᠪᠢ ᠶᠢᠨ ᠱᠦᠯᠤ ᠨᠢ ᠭᠡᠢ ᠡᠪᠠᠦᠡᠴᠢᠨ ᠢ ᠬᠤᠷᠢᠶᠠᠵᠤ ᠳᠠᠷᠤᠨ᠎ᠠ᠃

ᠬᠤᠨᠢᠨ ᠰᠥ᠋ ᠊᠊᠊᠊᠊᠊᠊᠊᠊᠊᠊᠊᠊᠊᠊ ᠭᠡᠢ ᠶᠢ ᠳᠠᠷᠤᠨ᠎ᠠ᠂ ᠭᠡᠪᠠᠴᠤ ᠵᠢᠷᠦᠭᠡ ᠶᠢ ᠨᠥᠯᠦᠭᠡᠯᠡᠨ᠎ᠡ᠃

ᠬᠤᠨᠢᠨ ᠤ ᠡᠯᠢᠭᠡ ᠊᠊᠊᠊᠊᠊᠊᠊᠊᠊᠊᠊᠊᠊᠊ ᠡᠯᠢᠭᠡᠨ ᠡᠪᠠᠦᠡᠴᠢᠨ ᠳᠤ ᠳᠤᠰᠠᠳᠠᠢ᠃

ᠬᠤᠨᠢᠨ ᠤ ᠵᠢᠷᠦᠭᠡ ᠊᠊᠊᠊᠊᠊᠊᠊᠊᠊᠊᠊᠊᠊᠊ ᠵᠢᠷᠦᠭᠡᠨ ᠡᠪᠠᠦᠡᠴᠢᠨ ᠳᠤ ᠳᠤᠰᠠᠳᠠᠢ᠃

ᠬᠤᠨᠢᠨ ᠤ ᠪᠦᠭᠡᠷ᠎ᠡ ᠊᠊᠊᠊᠊᠊᠊᠊᠊᠊᠊᠊᠊᠊᠊ ᠪᠦᠭᠡᠷᠡᠨ ᠡᠪᠠᠦᠡᠴᠢᠨ ᠳᠤ ᠳᠤᠰᠠᠳᠠᠢ᠃

ᠬᠤᠨᠢᠨ ᠤ ᠳᠡᠯᠢᠭᠦᠤ ᠊᠊᠊᠊᠊᠊᠊᠊᠊᠊᠊᠊᠊᠊᠊ ᠳᠡᠯᠢᠭᠦᠨ ᠡᠪᠠᠦᠡᠴᠢᠨ ᠳᠤ ᠳᠤᠰᠠᠳᠠᠢ᠃

ᠬᠤᠨᠢᠨ ᠤ ᠠᠭᠤᠰᠭᠢ ᠊᠊᠊᠊᠊᠊᠊᠊᠊᠊᠊᠊᠊᠊᠊ ᠠᠭᠤᠰᠭᠢᠨ ᠡᠪᠠᠦᠡᠴᠢᠨ ᠳᠤ ᠳᠤᠰᠠᠳᠠᠢ᠃

ᠬᠤᠴᠠ ᠶᠢᠨ ᠢᠮ ᠊᠊᠊᠊᠊᠊᠊᠊᠊᠊᠊᠊᠊᠊᠊ ᠳᠠᠮᠢᠷᠵᠢᠭᠤᠯᠤᠨ᠎ᠠ᠃

ᠬᠤᠨᠢᠨ ᠮᠢᠬ᠎ᠠ ᠊᠊᠊᠊᠊᠊᠊᠊᠊᠊᠊᠊᠊᠊᠊ ᠪᠠᠤᠠᠭᠠᠨ ᠭᠡᠢ ᠶᠢ ᠠᠷᠢᠯᠭᠠᠵᠤ᠂ ᠳᠤᠷ᠎ᠠ ᠶᠢ ᠨᠡᠭᠡᠭᠡᠭᠦ᠂ ᠳᠠᠮᠢᠷ ᠢ ᠰᠠᠢ᠌ᠵᠢᠷᠠᠭᠤᠯᠬᠤ ᠴᠢᠳᠠᠯ ᠲᠡᠶ᠃

ᠬᠤᠨᠢᠨ ᠴᠢᠰᠤ ᠊᠊᠊᠊᠊᠊᠊᠊᠊᠊᠊᠊᠊᠊᠊ ᠬᠤᠤᠷ ᠢ ᠬᠤᠷᠢᠶᠠᠨ᠎ᠠ᠃

ᠬᠤᠨᠢᠨ ᠤ ᠴᠢᠮᠦᠭᠡ ᠊᠊᠊᠊᠊᠊᠊᠊᠊᠊᠊᠊᠊᠊᠊ ᠰᠢᠷᠬ᠎ᠠ ᠶᠢ ᠭᠦᠭᠦᠭᠦᠯᠪᠠᠯ ᠰᠠᠢ᠌ᠨ᠃

ᠬᠤᠨᠢᠨ ᠤ ᠰᠠᠪᠠᠰᠤ ᠊᠊᠊᠊᠊᠊᠊᠊᠊᠊᠊᠊᠊᠊᠊ ᠡᠮᠡᠭ᠍ᠳᠡᠢ ᠶᠢᠨ ᠭᠡᠢ ᠪᠦᠷᠢᠯᠳᠦᠭ᠍ᠰᠡᠨ ᠡᠪᠠᠦᠡᠴᠢᠨ ᠳᠤ ᠰᠠᠢ᠌ᠨ᠃

ᠬᠤᠨᠢᠨ ᠤ ᠬᠤᠷᠭᠤᠯ ᠊᠊᠊᠊᠊᠊᠊᠊᠊᠊᠊᠊᠊᠊᠊ ᠬᠤᠷᠭᠤᠯ ᠤᠨ ᠳᠡᠪᠳᠦᠭᠡᠯᠭᠡ ᠨᠢ ᠦᠶ᠎ᠡ ᠭᠡᠰᠢᠭᠦᠨ ᠤ ᠰᠢᠷ᠎ᠠ ᠣᠰᠤ ᠶᠢ ᠠᠷᠢᠯᠭᠠᠨ᠎ᠠ᠃

ᠬᠤᠨᠢᠨ ᠰᠡᠭᠦᠯ ᠊᠊᠊᠊᠊᠊᠊᠊᠊᠊᠊᠊᠊᠊᠊ ᠪᠠᠶ᠎ᠠ ᠶᠢ ᠰᠢᠮᠡᠵᠢᠭᠦᠯᠭᠦ ᠶᠢᠨ ᠳᠡᠭᠡᠳᠤ᠃

ᠬᠤᠨᠢᠨ ᠤ ᠭᠦᠵᠡᠭᠡ ᠊᠊᠊᠊᠊᠊᠊᠊᠊᠊᠊᠊᠊᠊᠊ ᠰᠢᠩᠭᠡᠭᠡᠯᠳᠡ ᠶᠢ ᠰᠠᠢ᠌ᠵᠢᠷᠠᠭᠤᠯᠤᠨ ᠪᠠᠶ᠎ᠠ ᠶᠢ ᠳᠠᠮᠢᠷᠵᠢᠭᠤᠯᠤᠨ᠎ᠠ᠃

ᠬᠤᠨᠢᠨ ᠰᠦᠰᠦ ᠊᠊᠊᠊᠊᠊᠊᠊᠊᠊᠊᠊᠊᠊᠊ ᠰᠢᠷᠬᠠᠨ ᠳᠤ ᠳᠤᠰᠠᠳᠠᠢ᠃

ᠬᠤᠨᠢᠨ ᠤ ᠬᠠᠭ ᠊᠊᠊᠊᠊᠊᠊᠊᠊᠊᠊᠊᠊᠊᠊ ᠡᠷᠡᠭ᠍ᠳᠡᠢ ᠭᠦᠮᠤᠨ ᠤ ᠪᠠᠯᠭᠡᠰ ᠤᠨ ᠡᠪᠠᠦᠡᠴᠢᠨ ᠢ ᠠᠨᠠᠭᠠᠨ᠎ᠠ᠃

ᠬᠤᠨᠢᠨ ᠤ ᠨᠢᠳᠤ ᠊᠊᠊᠊᠊᠊᠊᠊᠊᠊᠊᠊᠊᠊᠊ ᠰᠢᠳᠤ ᠶᠢ ᠰᠢᠮᠡᠵᠢᠭᠦᠯᠦᠨ᠎ᠡ᠃ ᠨᠢᠳᠤᠨ ᠤ ᠦᠷ᠎ᠡ ᠨᠢ ᠨᠢᠳᠤᠨ ᠳᠤ ᠰᠢᠮ᠎ᠠ ᠠᠪᠣᠭᠤᠯᠤᠨ᠎ᠠ᠃

ᠬᠤᠨᠢᠨ ᠤ ᠭᠦᠵᠦᠭᠦᠤ ᠶᠢᠨ ᠪᠣᠯᠴᠢᠷᠬᠠᠢ ᠊᠊᠊᠊᠊᠊᠊᠊᠊᠊᠊᠊᠊᠊᠊ ᠠᠰᠢᠭ ᠡᠪᠠᠦᠡᠴᠢᠨ ᠳᠤ ᠳᠤᠰᠠᠳᠠᠢ᠃

ᠬᠤᠴᠠ ᠶᠢᠨ ᠡᠪᠠᠷ ᠊᠊᠊᠊᠊᠊᠊᠊᠊᠊᠊᠊᠊᠊᠊ ᠰᠠᠭᠠᠳᠤᠭᠰᠠᠨ ᠭᠡᠦᠭᠡᠤᠨ ᠢ ᠭᠠᠷᠭᠠᠬᠤ᠂ ᠡᠮᠡᠭ᠍ᠳᠡᠢ ᠶᠢᠨ ᠡᠪᠠᠦᠡᠴᠢᠨ ᠳᠤ ᠳᠤᠰᠠᠳᠠᠢ᠃

ᠰᠢᠳᠤᠯᠠᠩ ᠬᠤᠨᠢᠨ ᠤ ᠪᠦᠭᠡᠷ᠎ᠡ ᠊᠊᠊᠊᠊᠊᠊᠊᠊᠊᠊᠊᠊᠊᠊ ᠪᠦᠭᠡᠷ᠎ᠡ ᠶᠢᠨ ᠭᠦᠢᠳᠡᠨ ᠢ ᠠᠷᠢᠯᠭᠠᠨ᠎ᠠ᠃ ᠪᠠᠯᠭᠡᠭᠦᠰᠤ᠂ ᠳᠠᠪᠣᠰᠠᠩ᠂ ᠰᠢᠭᠡᠰᠤᠨ ᠰᠦᠪᠠ ᠡᠪᠠᠦᠡᠴᠢᠨ ᠢ ᠵᠠᠰᠠᠨ᠎ᠠ᠃

ᠬᠤᠴᠠ ᠶᠢᠨ ᠪᠦᠭᠡᠷ᠎ᠡ ᠊᠊᠊᠊᠊᠊᠊᠊᠊᠊᠊᠊᠊᠊᠊ ᠳᠠᠮᠢᠷᠵᠢᠭᠤᠯᠬᠤ ᠳᠤ ᠭᠡᠷᠡᠭᠯᠡᠨ᠎ᠡ᠃

ᠰᠢᠳᠤᠯᠠᠩ ᠬᠤᠨᠢᠨ ᠤ ᠣᠯᠠᠨ ᠶᠠᠰᠤ ᠊᠊᠊᠊᠊᠊᠊᠊᠊᠊᠊᠊᠊᠊᠊ ᠪᠦᠭᠡᠷ᠎ᠡ ᠪᠠᠯᠭᠡᠭᠦᠰᠤᠨ ᠤ ᠡᠪᠠᠦᠡᠴᠢᠨ ᠳᠤ ᠳᠤᠰᠠ ᠲᠡᠶ᠃

ᠪᠦᠭᠦᠯᠢ ᠶᠠᠰᠤᠨ ᠱᠦᠯᠤ ᠶᠢᠨ ᠳᠡᠪᠳᠦᠭᠡᠯᠭᠡ ᠊᠊᠊᠊᠊᠊᠊᠊᠊᠊᠊᠊᠊᠊᠊ ᠡᠮᠡᠭ᠍ᠳᠡᠢ ᠶᠢᠨ ᠭᠡᠢ ᠪᠦᠷᠢᠯᠳᠦᠭ᠍ᠰᠡᠨ ᠢ ᠵᠠᠰᠠᠨ᠎ᠠ᠃

ᠰᠡᠭᠦᠵᠢᠨ ᠳᠤ ᠣᠭᠯᠠᠭᠳᠠᠭᠰᠠᠨ ᠪᠣᠠᠳᠤᠭᠤᠷ ᠶᠠᠰᠤᠨ ᠤ ᠱᠦᠯᠤ ᠨᠢ ᠰᠢᠭᠡᠰᠤ ᠬᠠᠭᠠᠭᠳᠠᠭᠰᠠᠨ ᠢ ᠳᠠᠯᠪᠢᠭᠤᠯᠤᠨ᠎ᠠ᠃

ᠰᠢᠳᠤᠯᠠᠩ ᠬᠤᠨᠢᠨ ᠤ ᠳᠠᠯᠤᠨ ᠤ ᠨᠤᠤᠰᠤ ᠊᠊᠊᠊᠊᠊᠊᠊᠊᠊᠊᠊᠊᠊᠊ ᠭᠡᠢ ᠬᠠᠯᠠᠭᠤᠨ ᠢ ᠢᠯᠭᠠᠷᠠᠭᠤᠯᠤᠨ᠎ᠠ᠃


ᠢᠮᠠᠭ᠎ᠠ


ᠢᠮᠠᠭᠠᠨ ᠴᠢᠰᠤ ᠊᠊᠊᠊᠊᠊᠊᠊᠊᠊᠊᠊᠊᠊᠊ ᠬᠤᠤᠷ᠎ᠠ ᠶᠢ ᠳᠠᠢ᠌ᠯᠠᠬᠤ᠂ ᠭᠦᠪᠳᠦᠷᠦᠤ ᠶᠢ ᠳᠤᠭᠤᠷᠠᠭᠤᠯᠬᠤ᠂ ᠰᠢᠷᠬ᠎ᠠ ᠶᠢ ᠠᠨᠠᠭᠠᠬᠤ᠂ ᠰᠢᠷ᠎ᠠ ᠣᠰᠤ ᠶᠢ ᠪᠣᠭᠤᠬᠤ ᠴᠢᠳᠠᠯ ᠲᠡᠶ᠃

ᠢᠮᠠᠭᠠᠨ ᠰᠦᠰᠦ ᠊᠊᠊᠊᠊᠊᠊᠊᠊᠊᠊᠊᠊᠊᠊ ᠬᠤᠷᠤᠬᠠᠢ ᠶᠢ ᠨᠢᠳᠤᠯᠬᠤ᠂ ᠬᠤᠤᠷ᠎ᠠ ᠶᠢ ᠳᠠᠢ᠌ᠯᠬᠤ᠂ ᠨᠢᠳᠤᠨ ᠤ ᠬᠠᠷᠠᠭ᠎ᠠ ᠶᠢ ᠰᠠᠢ᠌ᠵᠢᠷᠠᠭᠤᠯᠬᠤ᠂ ᠰᠤᠳᠠᠯ ᠤᠨ ᠰᠦᠪᠠ ᠶᠢ ᠪᠣᠭᠤᠬᠤ᠂ ᠢᠯᠵᠢᠷᠡᠭᠦ ᠶᠢ ᠵᠤᠭᠰᠤᠭᠠᠬᠤ᠂ ᠰᠢᠨ᠎ᠠ ᠮᠢᠬ᠎ᠠ ᠳᠦᠷᠦᠭᠦᠯᠭᠦ ᠴᠢᠳᠠᠯ ᠲᠡᠶ᠃

ᠢᠮᠠᠭᠠᠨ ᠡᠯᠢᠭᠡ ᠊᠊᠊᠊᠊᠊᠊᠊᠊᠊᠊᠊᠊᠊᠊ ᠨᠢᠳᠤᠨ ᠬᠠᠷᠠᠭ᠎ᠠ ᠶᠢ ᠰᠠᠢ᠌ᠵᠢᠷᠠᠭᠤᠯᠬᠤ᠂ ᠬᠤᠷᠤᠬᠠᠢ ᠶᠢ ᠨᠢᠳᠤᠯᠬᠤ ᠴᠢᠳᠠᠯ ᠲᠡᠶ᠃

ᠢᠮᠠᠭᠠᠨ ᠡᠪᠠᠷ ᠊᠊᠊᠊᠊᠊᠊᠊᠊᠊᠊᠊᠊᠊᠊ ᠬᠠᠯᠠᠭᠤᠨ ᠢ ᠠᠷᠢᠯᠭᠠᠬᠤ᠂ ᠬᠠᠤᠠᠬᠤᠯᠠᠭ᠎ᠠ ᠶᠢ ᠳᠠᠷᠤᠬᠤ᠂ ᠰᠢᠷᠬ᠎ᠠ ᠶᠢ ᠠᠨᠠᠭᠠᠬᠤ ᠴᠢᠳᠠᠯ ᠲᠡᠶ᠃

ᠢᠮᠠᠭᠠᠨ ᠳᠠᠷᠢᠭᠢ ᠊᠊᠊᠊᠊᠊᠊᠊᠊᠊᠊᠊᠊᠊᠊ ᠳᠤᠰᠤᠯ ᠴᠤᠪᠣᠷᠠᠬᠤ ᠶᠢ ᠵᠤᠭᠰᠤᠭᠠᠬᠤ᠂ ᠪᠦᠯᠭᠡ ᠰᠢᠷᠪᠣᠰᠤ ᠳᠠᠰᠤᠷᠠᠭᠰᠠᠨ ᠢ ᠠᠨᠠᠭᠠᠬᠤ᠂ ᠶᠠᠰᠤ ᠬᠤᠭᠤᠷᠠᠭᠰᠠᠨ ᠢ ᠪᠠᠷᠢᠯᠳᠤᠭᠤᠯᠬᠤ ᠴᠢᠳᠠᠯ ᠲᠡᠶ᠃

ᠢᠮᠠᠭᠠᠨ ᠮᠢᠬ᠎ᠠ ᠊᠊᠊᠊᠊᠊᠊᠊᠊᠊᠊᠊᠊᠊᠊ ᠳᠠᠮᠪᠣᠤ ᠶᠢᠨ ᠬᠤᠤᠷ᠎ᠠ ᠶᠢ ᠳᠠᠢ᠌ᠯᠬᠤ᠂ ᠪᠣᠳᠤ ᠭᠦᠪᠳᠦᠷᠦᠤ ᠶᠢ ᠳᠤᠭᠤᠷᠠᠭᠤᠯᠬᠤ᠂ ᠭᠠᠯ ᠳᠤ ᠬᠠᠯᠠᠭᠰᠠᠨ ᠰᠢᠷᠬ᠎ᠠ ᠶᠢ ᠠᠨᠠᠭᠠᠬᠤ᠂ ᠬᠤᠷᠤᠬᠠᠢ ᠶᠢ ᠠᠷᠢᠯᠭᠠᠬᠤ ᠴᠢᠳᠠᠯ ᠲᠡᠶ᠃

ᠢᠮᠠᠭᠠᠨ ᠠᠭᠤᠰᠭᠢ ᠊᠊᠊᠊᠊᠊᠊᠊᠊᠊᠊᠊᠊᠊᠊ ᠬᠤᠷᠤᠬᠠᠢ ᠶᠢ ᠨᠢᠳᠤᠯᠬᠤ ᠣᠢ᠌ᠯᠠᠳᠤᠯ ᠲᠡᠶ᠃

ᠢᠮᠠᠭᠠᠨ ᠳᠡᠯᠢᠭᠦᠤ ᠊᠊᠊᠊᠊᠊᠊᠊᠊᠊᠊᠊᠊᠊᠊ ᠭᠡᠦᠭᠡᠤᠨ ᠤᠨ ᠭᠡᠯᠡᠭᠡᠢ᠌ᠷᠡᠭ᠍ᠰᠡᠨ ᠢ ᠠᠷᠢᠯᠭᠠᠨ᠎ᠠ᠃

ᠢᠮᠠᠭᠠᠨ ᠵᠢᠷᠦᠭᠡ ᠊᠊᠊᠊᠊᠊᠊᠊᠊᠊᠊᠊᠊᠊᠊ ᠬᠤᠷᠤᠬᠠᠢ ᠶᠢ ᠨᠢᠳᠤᠯᠬᠤ ᠴᠢᠳᠠᠯ ᠲᠡᠶ᠃

ᠢᠮᠠᠭᠠᠨ ᠰᠥ᠋ ᠊᠊᠊᠊᠊᠊᠊᠊᠊᠊᠊᠊᠊᠊᠊ ᠴᠢᠰᠤ ᠰᠢᠷ᠎ᠠ ᠶᠢᠨ ᠬᠠᠯᠠᠭᠤᠨ ᠢ ᠠᠷᠢᠯᠭᠠᠬᠤ᠂ ᠠᠮᠢᠰᠬᠤᠯ ᠢ ᠠᠭᠤᠵᠢᠷᠠᠭᠤᠯᠬᠤ᠂ ᠣᠮᠳᠠᠭᠠᠰᠬᠤ ᠶᠢ ᠵᠤᠭᠰᠤᠭᠠᠬᠤ᠂ ᠭᠢᠵᠢᠭ᠌ ᠢ ᠠᠨᠠᠭᠠᠬᠤ ᠣᠢ᠌ᠯᠠᠳᠤᠯ ᠲᠡᠶ᠃

ᠢᠮᠠᠭᠠᠨ ᠥᠭᠡᠭᠦ ᠊᠊᠊᠊᠊᠊᠊᠊᠊᠊᠊᠊᠊᠊᠊ ᠬᠤᠷᠤᠬᠠᠢ ᠶᠢ ᠨᠢᠳᠤᠯᠬᠤ᠂ ᠳᠠᠮᠪᠣᠤ ᠶᠢᠨ ᠬᠤᠤᠷ᠎ᠠ ᠶᠢ ᠳᠠᠢ᠌ᠯᠬᠤ᠂ ᠰᠢᠷᠬ᠎ᠠ ᠶᠢ ᠠᠨᠠᠭᠠᠬᠤ ᠴᠢᠳᠠᠯ ᠲᠡᠶ᠃

ᠣᠬᠤᠨ᠎ᠠ ᠶᠢᠨ ᠢᠮ ᠊᠊᠊᠊᠊᠊᠊᠊᠊᠊᠊᠊᠊᠊᠊ ᠪᠦᠭᠡᠷᠡᠨ ᠤ ᠳᠠᠮᠢᠷ ᠢ ᠰᠠᠢ᠌ᠵᠢᠷᠠᠭᠤᠯᠬᠤ᠂ ᠳᠤᠰᠤᠯ ᠢ ᠨᠡᠮᠡᠭ᠍ᠳᠡᠭᠦᠯᠭᠦ ᠴᠢᠳᠠᠯ ᠲᠡᠶ᠃

ᠢᠰᠢᠭᠡᠨ ᠤ ᠨᠤᠤᠰᠤ ᠊᠊᠊᠊᠊᠊᠊᠊᠊᠊᠊᠊᠊᠊᠊ ᠢᠰᠢᠭᠡᠨ ᠤ ᠨᠤᠤᠰᠤᠨ ᠤ ᠱᠦᠮᠤᠰᠤ ᠨᠢ ᠰᠢᠷᠬᠠᠨ ᠤ ᠨᠢᠷᠠᠢ ᠮᠢᠬ᠎ᠠ ᠶᠢ ᠳᠦᠯᠦᠵᠢᠭᠦᠯᠦᠨ᠎ᠡ᠃

ᠣᠬᠤᠨ᠎ᠠ ᠰᠡᠭᠦᠵᠢᠨ ᠶᠠᠰᠤ ᠊᠊᠊᠊᠊᠊᠊᠊᠊᠊᠊᠊᠊᠊᠊ ᠰᠡᠭᠦᠵᠢᠨ ᠶᠠᠰᠤ ᠶᠢ ᠰᠢᠳᠠᠭᠠᠵᠤ ᠭᠡᠷᠡᠭᠯᠡᠪᠠᠯ ᠰᠠᠬᠤᠤ ᠶᠢ ᠠᠷᠢᠯᠭᠠᠨ᠎ᠠ᠃

ᠳᠦᠷᠦᠮᠡᠭ᠍ᠴᠡ ᠥᠭᠦᠭ᠍ᠰᠡᠨ ᠢᠰᠢᠭᠡᠨ ᠤ ᠠᠭᠤᠰᠭᠢ ᠊᠊᠊᠊᠊᠊᠊᠊᠊᠊᠊᠊᠊᠊᠊ ᠠᠭᠤᠰᠭᠢᠨ ᠡᠪᠠᠦᠡᠴᠢᠨ ᠢ ᠠᠨᠠᠭᠠᠨ᠎ᠠ᠃

ᠢᠮᠠᠭᠠᠨ ᠪᠦᠭᠡᠷ᠎ᠡ ᠊᠊᠊᠊᠊᠊᠊᠊᠊᠊᠊᠊᠊᠊᠊ ᠪᠦᠭᠡᠷᠡᠨ ᠳᠠᠮᠢᠷ ᠢ ᠰᠠᠯᠪᠢᠵᠤ᠂ ᠳᠠᠮᠢᠷᠵᠢᠭᠤᠯᠤᠨ᠎ᠠ᠃

ᠢᠮᠠᠭᠠᠨ ᠭᠦᠵᠡᠭᠡ ᠊᠊᠊᠊᠊᠊᠊᠊᠊᠊᠊᠊᠊᠊᠊ ᠬᠤᠳᠤᠭᠤᠳᠤ ᠶᠢ ᠰᠠᠢ᠌ᠵᠢᠷᠠᠭᠤᠯᠤᠨ᠂ ᠢᠳᠠᠰᠢ ᠶᠢ ᠰᠢᠩᠭᠡᠭᠡᠨ᠎ᠡ᠃

ᠢᠮᠠᠭᠠᠨ ᠤ ᠣᠬᠤᠷ ᠰᠡᠭᠦᠯ ᠊᠊᠊᠊᠊᠊᠊᠊᠊᠊᠊᠊᠊᠊᠊ ᠰᠢᠭᠡᠰᠤ ᠬᠤᠷᠢᠭᠳᠠᠭᠰᠠᠨ ᠢ ᠵᠠᠰᠠᠨ᠎ᠠ᠃

ᠣᠬᠤᠨ᠎ᠠ ᠶᠢᠨ ᠪᠠᠭᠠᠰᠤ ᠊᠊᠊᠊᠊᠊᠊᠊᠊᠊᠊᠊᠊᠊᠊ ᠰᠤᠯᠢᠶ᠎ᠠ ᠡᠪᠠᠦᠡᠴᠢᠨ ᠢ ᠨᠠᠮᠵᠢᠭᠤᠯᠤᠨ᠎ᠠ᠃

ᠣᠬᠤᠨ᠎ᠠ ᠶᠢᠨ ᠰᠢᠭᠡᠰᠤ ᠊᠊᠊᠊᠊᠊᠊᠊᠊᠊᠊᠊᠊᠊᠊ ᠬᠠᠮᠠᠷ ᠤᠨ ᠡᠪᠠᠦᠡᠴᠢᠨ ᠳᠤ ᠰᠠᠢ᠌ᠨ᠃

ᠴᠠᠭᠠᠨ ᠢᠮᠠᠭᠠᠨ ᠡᠪᠠᠷ ᠊᠊᠊᠊᠊᠊᠊᠊᠊᠊᠊᠊᠊᠊᠊ ᠴᠠᠭᠠᠨ ᠢᠮᠠᠭᠠᠨ ᠤ ᠡᠪᠠᠷ ᠤᠨ ᠦᠨᠡᠰᠤ ᠨᠢ ᠪᠠᠤᠠᠭᠠᠨ ᠭᠢᠵᠢᠭ᠌ ᠢ ᠠᠷᠢᠯᠭᠠᠨ᠎ᠠ᠃

ᠴᠠᠭᠠᠨ ᠢᠮᠠᠭᠠᠨ ᠤ ᠪᠠᠷᠠᠭᠤᠨ ᠡᠪᠠᠷ ᠤᠨ ᠦᠨᠡᠰᠤ ᠊᠊᠊᠊᠊᠊᠊᠊᠊᠊᠊᠊᠊᠊᠊ ᠰᠢᠷ᠎ᠠ ᠣᠰᠤᠨ ᠤ ᠬᠠᠯᠠᠭᠤᠨ ᠢ ᠠᠷᠢᠯᠭᠠᠨ᠎ᠠ᠃

ᠣᠷᠤᠭ ᠢᠮᠠᠭᠠᠨ ᠤ ᠥᠩᠭᠡᠯᠦᠷ ᠤᠨ ᠦᠰᠦ ᠊᠊᠊᠊᠊᠊᠊᠊᠊᠊᠊᠊᠊᠊᠊ ᠰᠢᠷᠬᠠᠨ ᠳᠤ ᠰᠠᠢ᠌ᠨ᠃

ᠰᠢᠷᠭ᠎ᠠ ᠢᠮᠠᠭᠠᠨ ᠤ ᠬᠠᠮᠠᠷ ᠤᠨ ᠴᠢᠰᠤ ᠊᠊᠊᠊᠊᠊᠊᠊᠊᠊᠊᠊᠊᠊᠊ ᠰᠢᠷᠬᠠᠨ ᠳᠤ ᠰᠠᠢ᠌ᠨ᠃

ᠢᠰᠢᠭᠡ ᠶᠢᠨ ᠳᠠᠷᠢᠭᠢ ᠊᠊᠊᠊᠊᠊᠊᠊᠊᠊᠊᠊᠊᠊᠊ ᠰᠠ‍‌ᠶᠢ ᠢᠰᠢᠭᠡᠯᠡᠭ᠍ᠰᠡᠨ ᠡᠭᠡ ᠪᠠᠨ ᠭᠦᠭᠦᠭᠡᠳᠦᠢ ᠢᠰᠢᠭᠡᠨ ᠳᠠᠷᠢᠭᠢ ᠨᠢ ᠳᠠᠷᠢᠭᠢ ᠴᠤᠪᠣᠷᠠᠭᠰᠠᠨ ᠢ ᠵᠤᠭᠰᠤᠭᠠᠨ᠎ᠠ᠃

ᠣᠬᠤᠨ᠎ᠠ ᠶᠢᠨ ᠣᠮᠠᠳᠠᠭ ᠤᠨ ᠦᠰᠦ ᠊᠊᠊᠊᠊᠊᠊᠊᠊᠊᠊᠊᠊᠊᠊ ᠪᠣᠭᠤᠮ᠎ᠠ ᠶᠢ ᠳᠠᠷᠤᠨ᠎ᠠ᠃

ᠢᠮᠠᠭᠠᠨ ᠤ ᠶᠠᠰᠤ ᠊᠊᠊᠊᠊᠊᠊᠊᠊᠊᠊᠊᠊᠊᠊ ᠵᠠᠪ ᠪᠠ ᠶᠠᠰᠤᠨ ᠤ ᠡᠤ ᠶᠢ ᠬᠤᠪᠬᠤᠯᠬᠤ ᠣᠢ᠌ᠯᠠᠳᠤᠯ ᠲᠡᠶ᠃

ᠣᠬᠤᠨ᠎ᠠ ᠶᠢᠨ ᠰᠢᠩᠭᠡᠭ᠌ ᠊᠊᠊᠊᠊᠊᠊᠊᠊᠊᠊᠊᠊᠊᠊ ᠪᠣᠭᠤᠮ᠎ᠠ ᠶᠢ ᠳᠠᠷᠤᠨ᠎ᠠ᠃

ᠣᠷᠤᠭ ᠢᠮᠠᠭᠠᠨ ᠤ ᠰᠠᠬᠠᠯ ᠊᠊᠊᠊᠊᠊᠊᠊᠊᠊᠊᠊᠊᠊᠊ ᠰᠢᠷᠬ᠎ᠠ ᠶᠢ ᠡᠳᠡᠭᠡᠭᠡᠭᠦ᠂ ᠥᠭᠡᠷᠢ ᠣᠰᠤ ᠶᠢ ᠬᠠᠳᠠᠭᠠᠨ᠎ᠠ᠃

ᠢᠮᠠᠭᠠᠨ ᠤ ᠳᠡᠪᠳᠦᠭᠡᠯᠭᠡ ᠊᠊᠊᠊᠊᠊᠊᠊᠊᠊᠊᠊᠊᠊᠊ ᠰᠢᠳᠤᠨ ᠳᠤ ᠭᠦᠶ‍ᠦᠳᠡᠭ᠌ ᠬᠤᠤᠷ ᠢ ᠳᠠᠷᠤᠨ᠎ᠠ᠃

ᠵᠤᠬᠢᠶᠠᠭᠴᠢ᠄ ᠳᠠᠪᠰᠢᠯᠲᠤ᠂ ᠪ᠊·ᠠᠯᠲᠠᠨᠳᠠᠯᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠡᠭᠦᠯ ᠡᠩᠬᠡ
ᠳᠠᠷᠤᠮ᠄ 4484
ᠴᠠᠭ᠄ 2009 ᠤᠨ ᠤ 11 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ