ᠨᠡᠪᠲᠡᠷᠡᠨ ᠤᠷᠤᠬᠤ
ᠭᠡᠯᠡ ᠮᠠᠭᠤ ᠨᠢ ᠭᠡᠨ ᠤ ᠬᠠᠷᠢᠭᠤᠴᠠᠯᠭ᠎ᠠ ᠪᠣᠢ ︖

ᠡᠨᠡ ᠡᠳᠦᠷ ᠮᠢᠨᠤ ᠰᠠᠢ᠌ᠨ ᠳᠠᠨᠢᠳᠠᠭ ᠨᠢᠭᠡᠨ ᠭᠡᠷ ᠤᠨ ᠠᠬᠠᠮᠠᠤᠨ ᠡᠴᠡ ᠨᠠᠳᠠ ᠣᠳᠠᠰᠤ ᠢᠷᠡᠭᠦᠯᠵᠤ᠂ 《ᠭᠦᠶ‍ᠢ ︕ ᠬᠦ᠊ ᠪᠠᠭᠰᠢ ᠡ᠂ ᠳᠠᠨ ᠤ ᠰᠤᠷᠭᠠᠨ ᠭᠦᠮᠦᠵᠢᠯ ᠴᠢᠨᠢ ᠶᠠᠭᠤ ᠪᠣᠯᠵᠤ ᠪᠠᠢ᠌ᠨ᠎ᠠ ᠪᠣᠢ ︖ ᠮᠠᠨ ᠤ ᠬᠡᠦᠬᠡᠳ ᠤᠨ ᠭᠡᠯᠡ ᠶᠠᠭ ᠭᠤᠷᠢ ᠦᠭᠡᠶ ᠪᠠᠢ᠌ᠨ᠎ᠡ ᠁》 ᠭᠡᠵᠤ ᠣᠯᠠᠨ ᠣᠯᠠᠨ 《ᠭᠤᠷᠢ ᠦᠭᠡᠶ᠂ ᠪᠣᠯᠬᠤ ᠦᠭᠡᠶ》 ᠪᠠᠢ᠌ᠬᠤ ᠶᠠᠭᠤᠮ᠎ᠠ ᠭᠡᠯᠡᠵᠤ ᠭᠠᠷᠤᠯ᠎ᠠ᠃

ᠳᠤᠰ ᠣᠳᠠᠰᠤ ᠶᠢ ᠳᠤᠰᠴᠤ ᠪᠠᠷᠠᠭᠠᠤᠨ ᠪᠢ᠂ ᠬᠡᠦᠬᠡᠳ ᠤᠨ ᠭᠡᠯᠡ ᠮᠠᠭᠤ ᠪᠠᠢ᠌ᠬᠤ ᠨᠢ ᠴᠤᠬᠤᠮ ᠭᠡᠨ ᠤ ᠣᠴᠢᠷ ᠪᠣᠢ ︖ ᠭᠠᠭᠴᠠᠬᠦ ᠰᠤᠷᠭᠠᠨ ᠭᠦᠮᠦᠵᠢᠯ ᠤᠨ ᠠᠰᠠᠭᠤᠳᠠᠯ ᠭᠡᠵᠢ ᠦᠦ ︖ ᠰᠤᠷᠭᠠᠭᠤᠯᠢ᠂ ᠪᠠᠭᠰᠢ ᠨᠡᠷ ᠤᠨ ᠯᠠ ᠣᠴᠢᠷ ᠭᠡᠵᠢ ᠦᠦ ︖ ᠡᠴᠢᠭᠡ ᠡᠭᠡ ᠊᠊᠊᠊᠊᠊᠊᠊᠊᠊᠊᠊᠊᠊᠊ ᠭᠡᠷ ᠤᠨ ᠠᠬᠠᠮᠠᠳᠴᠤᠤᠯ ᠲᠡᠶ ᠦᠴᠦᠭᠡᠨ ᠴᠤ ᠬᠤᠯᠪᠣᠭᠳᠠᠯ ᠦᠭᠡᠶ ᠭᠡᠵᠢ ᠦᠦ ︖ ᠁ ᠭᠡᠵᠤ ᠣᠯᠠᠨ ᠶᠠᠭᠤᠮ᠎ᠠ ᠪᠣᠳᠤᠯ᠎ᠠ᠃

ᠡᠨᠡ ᠭᠡᠷ ᠤᠨ ᠠᠬᠠᠮᠠᠤᠨ ᠤᠨ ᠭᠡᠯᠡᠭᠦ ᠪᠠᠷ ᠪᠣᠯ᠂ ᠬᠡᠦᠬᠡᠳ ᠤᠨ ᠭᠡᠯᠡ ᠮᠠᠭᠤ ᠪᠠᠢ᠌ᠭ᠎ᠠ ᠨᠢ ᠰᠤᠷᠭᠠᠨ ᠭᠦᠮᠦᠵᠢᠯ ᠤᠨ ᠠᠰᠠᠭᠤᠳᠠᠯ᠂ ᠰᠤᠷᠭᠠᠭᠤᠯᠢ ᠶᠢᠨ ᠶᠠᠪᠣᠳᠠᠯ᠂ ᠪᠠᠭᠰᠢ ᠨᠡᠷ ᠤᠨ ᠣᠴᠢᠷ ᠶᠤᠮ ᠪᠠᠢ᠌ᠨ᠎ᠠ᠃

ᠳᠡᠭᠡᠪᠠᠯ ᠪᠢᠳᠠ᠂ ᠬᠡᠦᠬᠡᠳ ᠴᠤᠬᠤᠮ ᠭᠡᠨ ᠡᠴᠡ᠂ ᠶᠠᠭᠠᠭᠢᠵᠤ ᠭᠡᠯᠡ ᠰᠤᠷᠳᠠᠭ ᠢ ᠦᠵᠡᠶ᠎ᠠ᠃ ᠮᠢᠨᠤ ᠥᠵᠡᠭᠦ ᠪᠠᠷ᠂ ᠬᠡᠦᠬᠡᠳ ᠭᠡᠯᠡ ᠰᠤᠷᠬᠤ ᠳᠤ᠂ ① ᠦᠪᠡᠷ ᠲᠡᠭᠡᠨ ᠰᠤᠷᠬᠤ ② ᠡᠴᠢᠭᠡ ᠡᠭᠡ᠂ ᠠᠬᠠᠮᠠᠳᠴᠤᠤᠯ ᠡᠴᠡ ᠪᠠᠨ ᠰᠤᠷᠬᠤ ③ ᠨᠠᠢ᠌ᠵᠠ ᠨᠥᠭᠦᠤᠨ ᠡᠴᠡ ᠪᠠᠨ ᠰᠤᠷᠬᠤ ④ ᠪᠠᠭᠰᠢ᠂ ᠰᠤᠷᠭᠠᠭᠤᠯᠢ ᠡᠴᠡ ᠰᠤᠷᠬᠤ ⑤ ᠨᠡᠢ᠌ᠭᠡᠮ᠂ ᠣᠷᠴᠢᠨ ᠡᠴᠡ ᠰᠤᠷᠬᠤ ⑥ ᠳᠸᠯᠸᠢᠰ᠂ ᠷᠠᠳᠢᠤ᠋ ᠡᠴᠡ ᠰᠤᠷᠬᠤ ᠁ ᠵᠡᠷᠭᠡ ᠣᠯᠠᠨ ᠳᠠᠯ᠎ᠠ ᠪᠣᠢ᠃ ᠬᠡᠦᠬᠡᠳ ᠤᠨ ᠭᠡᠯᠡ ᠰᠤᠷᠬᠤ ᠶᠠᠪᠣᠴᠠ ᠳᠤ ᠡᠳᠡᠭᠡᠷ ᠨᠢ ᠠᠯᠢ ᠠᠯᠢ ᠨᠢ ᠴᠤ ᠳᠤᠳᠠᠭᠳᠠᠵᠤ ᠪᠣᠯᠤᠰᠢ ᠦᠭᠡᠶ ᠶᠤᠮ᠃ ᠠᠯᠢ ᠠᠯᠢ ᠶᠢ ᠨᠢ ᠴᠤ ᠣᠮᠳᠠᠭᠠᠢ᠌ᠯᠠᠵᠤ ᠪᠣᠯᠬᠤ ᠦᠭᠡᠶ ᠶᠤᠮ᠃

ᠣᠯᠠᠩᠭᠢ ᠡᠴᠢᠭᠡ ᠡᠭᠡ ᠊᠊᠊᠊᠊᠊᠊᠊᠊᠊᠊᠊᠊᠊᠊ ᠭᠡᠷ ᠤᠨ ᠠᠬᠠᠮᠠᠤᠨ 《ᠬᠡᠦᠬᠡᠳ ᠡᠴᠢᠭᠡ ᠡᠭᠡ ᠡᠴᠡ ᠪᠠᠨ ᠥᠭᠡ ᠭᠡᠯᠡ ᠰᠤᠷᠬᠤ》 ᠭᠡᠰᠡᠨ ᠢ ᠣᠮᠳᠠᠭᠠᠢ᠌ᠯᠠᠳᠠᠭ᠃ ᠳᠠᠮᠠᠢ ᠠᠩᠬᠠᠷᠤᠯ ᠳᠠᠭᠠᠨ ᠠᠪᠳᠠᠭ ᠦᠭᠡᠶ᠂ ᠳᠠᠮᠠᠢ ᠭᠦᠴᠤ ᠣᠷᠤᠭᠤᠯᠳᠠᠭ ᠦᠭᠡᠶ᠃ ᠴᠢᠨᠠᠭᠰᠢᠯᠠᠨ 《ᠬᠡᠦᠬᠡᠳ ᠡᠴᠢᠭᠡ ᠡᠭᠡ ᠡᠴᠡ ᠪᠠᠨ ᠶᠠᠭᠤᠮ᠎ᠠ (ᠥᠭᠡ ᠭᠡᠯᠡ ᠴᠤ ᠪᠠᠭᠳᠠᠨ᠎ᠠ) ᠰᠤᠷᠴᠤ ᠴᠢᠳᠠᠬᠤ ᠦᠭᠡᠶ᠃ ᠡᠴᠢᠭᠡ ᠡᠭᠡ ᠶᠢᠨ ᠶᠢᠡᠨ ᠥᠭᠡ ᠶᠢ ᠰᠤᠨᠤᠰᠬᠤ ᠦᠭᠡᠶ᠃ ᠡᠴᠢᠭᠡ ᠡᠭᠡ ᠪᠣᠯᠤᠭᠰᠠᠤᠨ ᠬᠡᠦᠬᠡᠳ ᠲᠡᠭᠡᠨ ᠳᠠᠮᠠᠢ ᠶᠠᠭᠤᠮ᠎ᠠ ᠵᠢᠭᠠᠵᠤ ᠰᠤᠷᠭᠠᠵᠤ ᠴᠢᠳᠠᠬᠤ ᠦᠭᠡᠶ᠃ ᠣᠴᠠᠭᠠᠢ᠌ᠯᠠᠨ ᠭᠡᠯᠡ ᠶᠠᠷᠢᠶ᠎ᠠ᠂ ᠥᠭᠡ ᠥᠰᠦᠭ᠌ ᠢ ᠡᠴᠢᠭᠡ ᠡᠭᠡ ᠊᠊᠊᠊᠊᠊᠊᠊᠊᠊᠊᠊᠊᠊᠊ ᠭᠡᠷ ᠤᠨ ᠠᠬᠠᠮᠠᠤᠨ ᠪᠣᠯᠤᠭᠰᠠᠤᠨ ᠡᠴᠡ ᠪᠠᠨ ᠰᠤᠷᠤᠨ᠎ᠠ ᠭᠡᠭ᠍ᠴᠢ ᠬᠤᠯᠠᠳᠤᠭᠰᠠᠨ ᠭᠡᠷᠡᠭ᠌᠃》 ᠭᠡᠵᠤ ᠥᠵᠡᠳᠡᠭ᠌᠃ ᠡᠨᠡ ᠦᠵᠡᠯᠳᠠ ᠪᠣᠯ ᠪᠣᠷᠤᠭᠤ ᠦᠵᠡᠯᠳᠠ᠂ ᠪᠣᠷᠤᠬᠠᠢ ᠣᠢ᠌ᠯᠠᠭᠠᠯᠳᠠ᠃

ᠬᠡᠦᠬᠡᠳ ᠤᠨ ᠬᠠᠮᠤᠭ ᠠᠩᠬᠠᠨ ᠤ ᠪᠠᠭᠰᠢ ᠪᠣᠯ ᠡᠴᠢᠭᠡ ᠡᠭᠡ ᠭᠡᠳᠡᠭ᠌ ᠪᠢᠰᠢᠤ ⁈ ᠬᠡᠦᠬᠡᠳ ᠠᠯᠢᠪᠠ ᠰᠤᠷᠬᠤ᠂ ᠡᠵᠡᠮᠰᠢᠭᠦ ᠶᠠᠭᠤᠮ᠎ᠠ ᠶᠢ ᠡᠴᠢᠭᠡ ᠡᠭᠡ ᠡᠴᠡ ᠪᠠᠨ ᠯᠠ ᠠᠩᠬᠠᠯᠠᠨ ᠰᠤᠷᠴᠤ᠂ ᠡᠴᠢᠭᠡ ᠡᠭᠡ ᠨᠢ ᠯᠠ ᠠᠩᠬᠠᠯᠠᠨ ᠵᠢᠭᠠᠵᠤ ᠰᠤᠷᠭᠠᠳᠠᠭ ᠰᠢᠤ ︕ ᠥᠭᠡ ᠭᠡᠯᠡ ᠰᠤᠷᠬᠤ ᠨᠢ ᠴᠤ ᠮᠦᠨ ᠠᠳᠠᠯᠢ ᠪᠢᠯᠠ ︕

ᠡᠴᠢᠭᠡ ᠡᠭᠡ ᠊᠊᠊᠊᠊᠊᠊᠊᠊᠊᠊᠊᠊᠊᠊ ᠭᠡᠷ ᠤᠨ ᠠᠬᠠᠮᠠᠤᠨ ᠪᠣᠯᠤᠭᠰᠠᠤᠨ᠂ ᠬᠡᠦᠬᠡᠳ ᠤᠨ ᠶᠢᠡᠨ ᠥᠭᠡ ᠭᠡᠯᠡ ᠮᠠᠭᠤ ᠪᠠᠢ᠌ᠭ᠎ᠠ ᠶᠢ ᠪᠢᠳᠡᠭᠡᠢ ᠰᠤᠷᠭᠠᠭᠤᠯᠢ᠂ ᠪᠠᠭᠰᠢ᠂ ᠪᠣᠰᠤᠳ ᠲᠤ ᠲᠦᠯᠭᠢᠭᠡᠳ ᠪᠠᠢ᠌ᠭᠠᠷᠠᠢ ︕ ᠦᠪᠡᠷ ᠤᠨ ᠪᠠᠶ᠎ᠠ ᠡᠴᠡ ᠪᠠᠨ ᠪᠠᠰᠠ ᠪᠠᠭ᠎ᠠ ᠡᠷᠢᠵᠤ ᠰᠤᠷᠤᠭᠠᠷᠠᠢ ︕ 《ᠪᠢ ᠬᠡᠦᠬᠡᠳ ᠲᠡᠭᠡᠨ ᠥᠭᠡ ᠭᠡᠯᠡ ᠰᠤᠷᠬᠤ ᠳᠠᠯ᠎ᠠ ᠳᠤ ᠭᠢᠷᠢ ᠵᠡᠷᠭᠡ ᠨᠥᠯᠦᠭᠡ ᠳᠤᠰᠬᠠᠯ ᠥᠵᠡᠭᠦᠯᠵᠤ ᠦᠦ᠂ ᠶᠠᠭᠤ ᠶᠠᠭᠤ ᠵᠢᠭᠠᠵᠤ ᠦᠦ᠂ ᠶᠠᠭᠠᠭᠢᠵᠤ ᠵᠢᠭᠠᠵᠤ ᠦᠦ᠂ ᠰᠤᠷᠭᠠᠵᠤ ᠦᠦ》 ᠭᠡᠰᠡᠨ ᠢ ᠢᠯᠡᠭᠦᠤ ᠪᠣᠳᠤᠯᠭᠢᠯᠠᠵᠤ ᠥᠵᠡᠭᠡᠷᠡᠢ ︕ ᠳᠠᠷᠠᠴᠢᠯᠠᠨ ᠬᠡᠦᠬᠡᠳ ᠲᠡᠶ ᠪᠠᠨ ᠪᠣᠶᠤ ᠦᠪᠡᠷ ᠵᠠᠭᠤᠷ᠎ᠠ ᠪᠠᠨ ᠢᠯᠡᠭᠦᠭᠡᠨ ᠭᠡᠯᠡᠯᠴᠡᠵᠤ ᠶᠠᠷᠢᠯᠴᠠᠵᠤ᠂ ᠬᠡᠦᠬᠡᠳ ᠲᠡᠭᠡᠨ ᠥᠭᠡ ᠭᠡᠯᠡ ᠰᠤᠷᠬᠤ ᠰᠠᠢ᠌ᠨ ᠰᠠᠢ᠌ᠬᠠᠨ ᠣᠷᠴᠢᠨ ᠨᠥᠭᠦᠴᠡᠯ ᠢ ᠪᠦᠷᠢᠯᠳᠦᠭᠦᠯᠵᠤ ᠥᠭ᠍ᠴᠤ᠂ ᠳᠠᠳᠠᠨ ᠤ ᠥᠭᠡ ᠭᠡᠯᠡ ᠶᠢ ᠴᠠᠪᠠᠷ ᠳᠡᠭ᠍ᠰᠢ ᠪᠠᠷ ᠰᠤᠷᠬᠤ ᠵᠥᠭ᠌ ᠲᠤ ᠨᠢ ᠴᠠᠪᠠᠷ ᠳᠡᠭ᠍ᠰᠢ ᠪᠠᠷ ᠭᠦᠳᠦᠯᠦᠭᠡᠷᠡᠢ ︕



2011.04.25 ᠳ᠋ᠤ ᠪᠢᠴᠢᠵᠤ᠂ 09.15 ᠊ᠤ ᠦᠳᠡᠰᠢ ᠪᠠᠭ᠎ᠠ ᠵᠠᠰᠠᠨ ᠡᠮᠭᠢᠯᠡᠪᠡ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3081
ᠴᠠᠭ᠄ 2012 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ