☆ ᠰ·ᠰᠠᠴᠠᠨ
ᠠᠯᠳᠠᠨ ᠳᠤᠭᠤᠰ ᠪᠠ ᠠᠯᠢᠶ᠎ᠠ ᠬᠡᠦᠬᠡᠳ
ᠬᠡᠦᠬᠡᠳ ᠤᠨ ᠰᠢᠯᠦᠭ᠌
ᠠᠯᠳᠠᠨ ᠳᠤᠭᠤᠰ ᠪᠠ ᠠᠯᠢᠶ᠎ᠠ ᠬᠡᠦᠬᠡᠳ
ᠠᠯᠳᠠᠨ ᠳᠤᠭᠤᠰ ᠢᠷᠡᠭᠡᠳ
ᠠᠯᠠᠭ ᠵᠢᠭᠦᠷ ᠶᠢᠡᠨ ᠭᠠᠢ᠌ᠬᠠᠭᠤᠯᠤᠨ᠎ᠠ᠂
ᠠᠢ᠌ᠯ ᠤᠨ ᠬᠡᠦᠬᠡᠳ ᠤᠳ ᠳᠤᠭᠤᠷᠢᠭᠠᠤᠨ
ᠠᠮᠠ ᠠᠯᠳᠠᠨ ᠱᠠᠭᠰᠢᠨ᠎ᠠ᠃
᠊᠊᠊᠊᠊᠊᠊᠊᠊᠊᠊᠊᠊᠊᠊ ᠳᠤᠭᠤᠰ ᠡ᠂ ᠳᠤᠭᠤᠰ ᠴᠢᠨᠤ
ᠦᠳᠦ ᠴᠢᠨᠢ ᠶᠠᠭᠠᠭᠢᠭᠰᠠᠨ ᠭᠤᠶᠤ ᠪᠣᠢ︖ ᠭᠡᠨ᠎ᠡ
ᠳᠠᠪᠤᠨ ᠥᠩᠭᠡ ᠪᠠᠷ ᠳᠡᠯᠭᠡᠷᠡᠳᠡᠭ᠌
ᠰᠡᠭᠦᠯ ᠴᠢᠨᠢ ᠶᠠᠭᠠᠭᠢᠭᠰᠠᠨ ᠰᠠᠢ᠌ᠬᠠᠨ ᠪᠣᠢ︖ ᠭᠡᠨ᠎ᠡ
ᠠᠯᠳᠠᠨ ᠳᠤᠭᠤᠰ ᠬᠠᠷᠢᠭᠤ ᠳ᠋ᠤᠨᠢ
ᠠᠯᠢᠶ᠎ᠠ ᠬᠡᠦᠬᠡᠳ ᠤᠳ ᠢ ᠰᠢᠠᠵᠢᠨ᠎ᠠ
ᠠᠰᠪᠣᠷ ᠪᠣᠷᠤᠭᠵᠢᠭᠤᠨ ᠡᠮᠦᠰᠭᠡ
ᠰᠤᠷᠭᠠᠭᠤᠯᠢ ᠶᠢᠨ ᠬᠤᠪᠴᠠᠰᠤ ᠶᠢ ᠨᠢ ᠰᠢᠷᠪᠢᠨᠠ
᠊᠊᠊᠊᠊᠊᠊᠊᠊᠊᠊᠊᠊᠊᠊ ᠣᠭᠤᠰᠤᠷᠯᠠᠵᠤ ᠭᠦᠵᠦᠭᠦᠨ ᠳᠡᠭᠡᠨ ᠵᠡᠭᠦᠭ᠍ᠰᠡᠨ
ᠣᠯᠠᠭᠠᠨ ᠪᠦᠰ ᠴᠢᠨᠢ ᠮᠠᠭᠤᠬᠠᠢ ᠭᠡᠨ᠎ᠡ
ᠣᠯᠢᠭᠳᠠᠢ ᠰᠠᠢ᠌ᠬᠠᠨ ᠬᠤᠪᠴᠠᠰᠤ ᠦᠭᠡᠶ
ᠣᠯᠠᠨ ᠤ ᠳᠤᠮᠳᠠ ᠪᠠᠨ ᠡᠯᠡᠭ᠌ ᠭᠡᠨ᠎ᠡ
ᠴᠠᠪᠠᠷ ᠳᠡᠭ᠍ᠰᠢᠭᠡᠨ ᠵᠠᠰᠠᠯ
ᠰᠤᠷᠤᠭᠴᠢ ᠬᠤᠪᠴᠠᠰᠤ ᠪᠠᠨ ᠳᠢᠭᠯᠡᠯᠡ
ᠴᠡᠭᠡᠵᠢᠨ ᠳᠡᠭᠡᠷ᠎ᠡ ᠣᠯᠠᠯᠵᠠᠬᠤ
ᠣᠯᠠᠭᠠᠨ ᠪᠦᠴᠡ ᠲᠡᠶ ᠳᠡᠭᠡᠨ ᠣᠮᠤᠭᠰᠢᠯᠠ
᠊᠊᠊᠊᠊᠊᠊᠊᠊᠊᠊᠊᠊᠊᠊ ᠴᠢᠮ᠎ᠠ ᠲᠡᠶ ᠭᠤᠶᠤᠯ ᠶᠢᠡᠨ ᠠᠳᠠᠯᠢᠤᠠᠬᠠᠬᠤ ᠦᠭᠡᠶ ᠭᠡᠵᠤ
ᠴᠠᠴᠠᠨ ᠬᠡᠦᠬᠡᠳ ᠤᠳ ᠭᠡᠯᠡᠯ᠎ᠡ᠃
᠊᠊᠊᠊᠊᠊᠊᠊᠊᠊᠊᠊᠊᠊᠊ ᠴᠢᠷᠮᠠᠢ᠌ᠯᠳᠠ ᠳᠠᠪᠰᠢᠯᠳᠠ ᠰᠠᠶᠢ ᠴᠤᠬᠠᠭ︕ ᠭᠡᠳ
ᠴᠡᠮᠴᠡᠭᠡᠷ ᠳᠤᠭᠤᠰ ᠢ ᠭᠠᠷᠳᠠᠭᠠᠯᠠ᠃
ᠵᠢᠭᠠᠬᠠᠨ ᠪᠣᠭᠱᠤᠷᠭ᠎ᠠ ᠳ᠋ᠤ
ᠵᠢᠭᠠᠬᠠᠨ ᠪᠣᠭᠱᠤᠷᠭ᠎ᠠ ᠡ
ᠵᠢᠭᠠᠬᠠᠨ ᠪᠣᠭᠱᠤᠷᠭ᠎ᠠ ᠴᠢ
ᠳᠡᠷᠪᠢᠭᠡᠳ ᠰᠤᠷᠴᠢᠬᠠᠪᠠᠤ︖
ᠵᠠᠯᠠᠨ ᠳᠡᠭᠡᠭᠦᠷ
ᠵᠥᠯᠭᠡᠨ ᠳᠡᠭᠡᠭᠦᠷ
ᠨᠢᠰᠦᠭᠡᠳ ᠰᠤᠷᠴᠢᠬᠠᠪᠠᠤ︖
ᠵᠢᠭᠠᠯ ᠬᠡᠦᠬᠡᠳ
ᠵᠢᠭᠠᠯ ᠬᠡᠦᠬᠡᠳ ᠪᠢ ᠴᠤ
ᠭᠦᠶᠦᠭᠡᠳ ᠰᠤᠷᠤᠭᠰᠠᠨ ᠰᠢᠤ᠂
ᠵᠠᠪᠠᠯ ᠳᠡᠪᠠᠷᠢᠭᠦᠯᠦᠨᠡ
ᠵᠠᠪᠠᠯ ᠡᠭᠦᠷᠦᠭᠦᠯᠦᠨ᠎ᠡ ᠭᠡᠵᠤ
ᠣᠭᠢᠯᠠᠬᠤ ᠪᠠᠨ ᠪᠠᠢ᠌ᠭᠰᠠᠨ ᠰᠢᠤ︕
ᠵᠢᠭᠠᠬᠠᠨ ᠪᠣᠭᠱᠤᠷᠭ᠎ᠠ ᠡ
ᠵᠢᠭᠠᠬᠠᠨ ᠪᠣᠭᠱᠤᠷᠭ᠎ᠠ ᠴᠢ
ᠵᠢᠷᠭᠢᠭᠡᠳ ᠰᠤᠷᠴᠢᠬᠠᠪᠠᠤ︖
ᠵᠳ ᠰᠠᠢ᠌ᠬᠠᠨ
ᠵᠤᠭ᠎ᠠ ᠲᠡᠶ ᠰᠠᠢ᠌ᠬᠠᠨ ᠭᠡᠵᠤ
ᠱᠤᠯᠤᠭᠠᠨᠠᠭᠠᠤᠨ ᠰᠤᠷᠴᠢᠬᠠᠪᠠᠤ︖
ᠵᠢᠭᠠᠯ ᠬᠡᠦᠬᠡᠳ
ᠵᠢᠭᠠᠯ ᠬᠡᠦᠬᠡᠳ ᠪᠢ ᠴᠤ
ᠳᠤᠷᠠᠰᠤᠭᠠᠤᠨ ᠰᠤᠷᠤᠭᠰᠠᠨ ᠰᠢᠤ᠂
ᠵᠤᠰᠠᠭᠠᠯ ᠰᠠᠢ᠌ᠬᠠᠨ
ᠵᠢᠷᠤᠭ ᠰᠢᠭ᠌ ᠰᠠᠢ᠌ᠬᠠᠨ ᠭᠡᠵᠤ
ᠳᠠᠭᠤᠯᠠᠭᠠᠤᠨ ᠰᠤᠷᠤᠭᠰᠠᠨ ᠰᠢᠤ︕
ᠣᠭᠵᠢᠭᠤᠷ ᠬᠤᠷᠠᠭ᠎ᠠ
ᠠᠪᠣ ᠶᠢᠨ ᠵᠢᠰᠤᠯᠠᠵᠤ ᠦᠭᠭᠦᠭ᠍ᠰᠡᠨ
ᠠᠯᠢᠶ᠎ᠠ ᠬᠠᠯᠵᠠᠨ ᠬᠤᠷᠠᠭ᠎ᠠ
ᠠᠵᠠ ᠨᠢ ᠭᠡᠵᠤ ᠮᠡᠳᠡᠭ᠍ᠰᠡᠨ ᠪᠠ
ᠠᠷᠤ ᠦᠪᠣᠷ ᠶᠢᠡᠷ ᠳᠠᠭᠠᠨ᠎ᠠ᠂
ᠠᠪᠣᠷᠢ ᠭᠦᠭᠡᠷᠦᠭᠦᠨ ᠭᠡᠵᠤ ᠬᠠᠢ᠌ᠷᠠᠯᠠᠨ
ᠠᠷᠢᠭᠤᠨ ᠰᠦ᠋ ᠪᠠᠷ ᠣᠭᠵᠢᠬᠤ ᠪᠦᠷᠢ
ᠠᠩᠭᠢᠷ ᠡᠵᠢ ᠪᠠᠨ ᠭᠡᠵᠤ ᠰᠠᠨᠠᠳᠠᠭ ᠪᠢᠵᠠ
ᠠᠯᠢᠶᠠᠯᠠᠵᠤ ᠶᠠᠩᠵᠤ ᠪᠠᠷ ᠠᠭᠠᠰᠢᠯᠠᠨ᠎ᠠ᠃
ᠮᠠᠢ᠂ ᠮᠠᠢ᠂ ᠮᠠᠢ
ᠮᠢᠷᠨᠤᠰ ᠬᠤᠨᠢᠨ ᠤ ᠳᠦᠯ
ᠮᠢᠨᠤ ᠬᠠᠯᠵᠠᠨ ᠬᠤᠷᠠᠭ᠎ᠠ᠃
ᠡᠵᠢ ᠶᠢᠨ ᠳᠠᠭᠠᠯᠭᠠᠵᠤ ᠦᠭᠭᠦᠭ᠍ᠰᠡᠨ
ᠡᠪᠠᠢ ᠵᠢᠭᠠᠬᠠᠨ ᠬᠤᠷᠠᠭ᠎ᠠ
ᠡᠵᠡᠨ ᠨᠢ ᠭᠡᠵᠤ ᠮᠡᠳᠡᠭ᠍ᠰᠡᠨ ᠪᠠ
ᠡᠩᠭᠡᠷ ᠡᠪᠦᠷ ᠶᠢᠡᠷ ᠰᠢᠷᠭᠤᠨ᠎ᠠ᠂
ᠡᠩᠭᠦᠷᠡᠢ ᠭᠦᠭᠡᠷᠦᠭᠦᠨ ᠭᠡᠵᠤ ᠬᠠᠢ᠌ᠷᠠᠯᠠᠨ
ᠡᠳᠡᠮᠡᠭ᠌ ᠰᠦ᠋ ᠪᠠᠷ ᠣᠭᠵᠢᠬᠤ ᠪᠦᠷᠢ
ᠡ᠊ᠨᠳᠡᠭᠦᠷᠡᠵᠤ ᠡᠵᠢ ᠪᠠᠨ ᠭᠡᠵᠤ ᠰᠠᠨᠠᠳᠠᠭ ᠪᠢᠵᠠ
ᠡᠷᠭᠡᠯᠡᠵᠤ ᠶᠠᠩᠵᠤ ᠪᠠᠷ ᠪᠠᠭᠠᠰᠢᠯᠠᠨᠠ᠃
ᠮᠠᠢ᠂ ᠮᠠᠢ᠂ ᠮᠠᠢ
ᠮᠢᠷᠨᠤᠰ ᠬᠤᠨᠢᠨ ᠤ ᠳᠦᠯ
ᠮᠢᠨᠤ ᠣᠭᠵᠢᠭᠤᠷ ᠬᠤᠷᠠᠭ᠎ᠠ᠃
ᠵᠤᠬᠢᠶᠠᠭᠴᠢ᠄ ᠰ·ᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3550
ᠴᠠᠭ᠄ 2009 ᠤᠨ ᠤ 08 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ