ᠨᠡᠪᠲᠡᠷᠡᠨ ᠤᠷᠤᠬᠤ
ᠪᠣᠷᠤᠭᠤ ᠪᠠᠷ ᠡᠷᠭᠦᠭ᠍ᠰᠡᠨ ᠨᠤᠳᠤᠭ ᠤᠨ ᠨᠠᠷᠠᠢ᠌ᠳᠤᠯ

ᠮᠢᠨᠤ ᠳᠦᠷᠦᠭ᠍ᠰᠡᠨ ᠨᠤᠳᠤᠭ ᠪᠣᠯ ᠪᠠᠭᠠᠷᠢᠨ ᠵᠡᠭᠦᠨ ᠬᠤᠰᠢᠭᠤᠨ ᠤ ᠪᠠᠶᠠᠨ ᠠᠭᠤᠯᠠ ᠭᠡᠳᠡᠭ᠌ ᠭᠠᠵᠠᠷ ᠶᠤᠮ᠃ ᠠᠯᠳᠠᠨ ᠳᠡᠯᠡᠭᠡᠢ ᠳᠤ ᠨᠢᠯᠬ᠎ᠠ ᠶᠢᠨ ᠳᠠᠭᠤᠨ ᠶᠢᠡᠨ ᠴᠤᠤᠷᠢᠶᠠᠳᠠᠭᠤᠯᠵᠤ ᠣᠨᠠᠬᠤ ᠳᠤ ᠡᠨᠡ ᠨᠤᠳᠤᠭ ᠤᠨ ᠳᠤᠷᠭᠠᠨ ᠭᠦᠷᠦᠰᠤ ᠡᠷᠭᠦᠵᠤ ᠠᠪᠣᠭᠰᠠᠨ᠂ ᠡᠨ ᠥᠰᠦᠭ᠌ ᠨᠢᠳᠤᠯᠠᠵᠤ ᠠᠮᠢᠳᠤᠷᠠᠯ ᠣᠬᠠᠭᠠᠨ ᠤ ᠣᠯᠪᠠᠭ᠎ᠠ ᠶᠢ ᠣᠯᠵᠤ ᠶᠠᠪᠣᠬᠤ ᠳᠤ ᠡᠨᠡ ᠨᠤᠳᠤᠭ ᠤᠨ ᠵᠥᠭᠡᠯᠡᠨ ᠬᠠᠢ᠌ᠷ᠎ᠠ ᠪᠠᠷ ᠳᠤᠷᠨᠢᠵᠤ ᠪᠣᠢ᠌ᠵᠢᠭᠰᠠᠨ ᠡ ︕ ᠣᠨᠠᠭᠠᠨ ᠨᠠᠰᠤᠨ ᠤ ᠳᠤᠷᠠᠳᠬᠠᠯ ᠰᠢᠩᠭᠡᠭ᠍ᠰᠡᠨ ᠨᠤᠳᠤᠭ ᠤᠨ ᠮᠢᠨᠢ ᠠᠭᠤᠯᠠ ᠣᠰᠤ᠂ ᠣᠷᠤᠰᠬᠠᠯ ᠭᠤᠤᠯ᠂ ᠳᠠᠯ᠎ᠠ ᠶᠢᠨ ᠪᠠᠯᠴᠢᠭᠡᠷ ᠳᠠᠷᠠᠴᠢᠯᠠᠨ ᠰᠢᠷᠭᠡᠭ᠌ ᠡᠪᠠᠰᠤᠨ ᠳᠤ ᠭᠦᠷᠳᠡᠯ᠎ᠡ ᠰᠡᠳᠭᠢᠯ ᠤᠨ ᠭᠦᠨ ᠳᠤ ᠬᠠᠳᠠᠩᠰᠢᠵᠤ᠂ ᠳᠤᠷᠠᠰᠤᠯ ᠤᠨ ᠴᠢᠪᠬᠠᠳᠠᠰᠤ ᠶᠢ ᠭᠦᠭ᠍ᠵᠢᠮᠳᠡᠨ᠎ᠡ ᠪᠢᠯᠠ ᠁

ᠨᠤᠳᠤᠭ ᠤᠨ ᠮᠢᠨᠢ 《ᠪᠠᠶᠠᠨ ᠠᠭᠤᠯᠠ》 ᠨᠠᠷᠠᠢ᠌ᠳᠤᠯ ᠭᠡᠵᠢᠶ᠎ᠡ ᠡᠴᠠ ᠡᠭᠢᠯᠡᠭ᠍ᠰᠡᠨ ᠢ ᠪᠢ ᠮᠡᠳᠡᠭᠦ ᠦᠭᠡᠶ᠃ ᠶᠠᠭᠤ ᠴᠤ ᠭᠡᠰᠡᠨ ᠨᠠᠮᠢ᠋ᠢ ᠮᠡᠳᠡᠭᠡ ᠣᠷᠤᠬᠤ ᠳᠤ ᠯᠠ ᠪᠣᠭᠤᠷᠤᠯᠴᠤᠳ ᠤᠨ 《ᠮᠠᠨ ᠤ ᠪᠠᠶᠠᠨ ᠠᠭᠤᠯᠠ ᠰᠠᠢ᠌ᠬᠠᠨ ᠨᠤᠳᠤᠭ ᠰᠢᠤ》 ᠭᠡᠵᠤ ᠬᠠᠷᠢ ᠨᠤᠳᠤᠭ ᠤᠨ ᠭᠦᠮᠦᠰ ᠲᠤ ᠪᠠᠬᠠᠷᠬᠠᠨ ᠶᠠᠷᠢᠵᠤ᠂ ᠬᠤᠭᠤᠷᠤᠠᠳᠤ ᠪᠠᠨ ᠳᠡᠦᠭᠡ ᠳᠤᠮᠤᠭ ᠶᠢᠡᠨ ᠭᠦᠦᠷᠨᠢᠯᠳᠤᠨ ᠰᠠᠭᠤᠳᠠᠭ ᠨᠢ ᠰᠠᠨᠠᠭᠳᠠᠨ᠎ᠠ᠃ ᠳᠦᠷᠪᠠᠨ ᠵᠥᠭ᠌ ᠨᠢ᠋ᠮᠠᠨ ᠵᠤᠪᠭᠢᠰ ᠶᠢᠡᠷ ᠶᠢᠡᠨ ᠠᠭᠤᠯᠠ ᠨᠢᠷᠤᠭᠤᠳ ᠶᠢᠡᠷ ᠭᠦᠷᠢᠶᠡᠯᠡᠭ᠍ᠳᠡᠭ᠍ᠰᠡᠨ ᠤ ᠪᠣᠯᠪᠠᠤ ︖ ᠨᠤᠳᠤᠭ ᠤᠨ ᠳᠦᠰᠢᠯᠭᠡ ᠪᠣᠯᠤᠭᠰᠠᠨ ᠪᠠᠶᠠᠨ ᠬᠠᠢ᠌ᠷᠬᠠᠨ (ᠪᠠᠰᠠ ᠪᠠᠶᠠᠨ ᠠᠭᠤᠯᠠ ᠭᠡᠵᠤ ᠨᠡᠷᠡᠯᠡᠳᠡᠭ᠌) ᠊ᠤ ᠳᠠᠭᠤᠳᠠᠯᠭ᠎ᠠ ᠪᠠᠷ ᠨᠡᠷᠡᠯᠡᠭ᠍ᠰᠡᠨ ᠪᠣᠯᠪᠠᠤ ︖ ᠠᠯᠢ ᠡᠰᠡᠭᠦᠯ᠎ᠡ ᠦᠨᠦᠳᠤᠷ ᠤᠨ ᠣᠯᠤᠰ ᠤᠨ ᠬᠤᠶᠠᠳᠤᠭᠠᠷ ᠳᠠᠰ ᠤᠨ ᠠᠭᠤᠷᠬᠠᠢ ᠪᠣᠯᠬᠤ 《ᠪᠠᠶᠠᠨ ᠨᠢᠷᠤᠭᠤ ᠴᠠᠢ᠌ᠷ ᠳᠤᠭᠤᠯᠭᠠᠨ ᠤ ᠠᠭᠤᠷᠬᠠᠢ》 ᠶ᠋ᠢᠨ ᠪᠣᠯᠠᠭᠳᠠᠴᠠ ᠡᠯᠪᠠᠭ᠌ ᠪᠠᠢ᠌ᠳᠠᠭ ᠶᠢ ᠣᠬᠠᠭᠠᠠᠳᠤ ᠳᠡᠭᠡᠳᠦᠰ ᠮᠠᠨᠢ ᠠᠯᠢ ᠡᠷᠳᠡ ᠣᠢ ᠣᠬᠠᠭᠠᠨ ᠳᠤ ᠪᠠᠨ ᠳᠠᠭᠠᠮᠠᠭᠯᠠᠵᠤ ᠮᠡᠳᠡᠭᠡᠳ ᠠᠯᠳᠠᠷ ᠨᠠᠷ᠎ᠠ ᠶᠢ ᠨᠢ ᠬᠠᠢ᠌ᠷᠠᠯᠠᠭᠰᠠᠨ ᠴᠤ ᠪᠣᠯᠪᠠᠤ ︖ ᠠᠯᠢ ᠨᠢᠭᠡ ᠰᠠᠨᠠᠭ᠎ᠠ ᠪᠠᠷ ᠨᠡᠷᠡᠯᠡᠭ᠍ᠰᠡᠨ ᠴᠤ ᠪᠣᠯᠤᠭ᠂ ᠠᠯᠢ ᠡᠷᠳᠡᠨ ᠤ ᠪᠣᠭᠤᠷᠤᠯ ᠳᠡᠦᠭᠡᠨ ᠡᠴᠠ ᠠᠪᠣᠭᠠᠤᠨ ᠪᠠᠭᠠᠷᠢᠨ ᠨᠤᠳᠤᠭ ᠤᠨ ᠨᠢᠭᠡᠨ ᠰᠠᠯᠠᠭ᠎ᠠ ᠶᠢ ᠡᠯᠢᠭᠡᠨ ᠳᠤ ᠪᠠᠨ ᠪᠦᠪᠠᠢ᠌ᠯᠠᠵᠤ ᠶᠠᠪᠣᠭᠰᠠᠨ ᠨᠤᠳᠤᠭ ᠤᠨ ᠮᠢᠨᠢ ᠠᠯᠳᠠᠷ ᠦᠷ᠎ᠡ ᠬᠡᠦᠬᠡᠳ ᠤᠨ ᠭᠢᠨᠢ ᠵᠢᠷᠦᠭᠡᠨ ᠳᠤ ᠦᠨᠢᠳᠠ ᠬᠤᠯᠪᠣᠭ᠎ᠠ ᠲᠡᠶ ᠪᠠᠢ᠌ᠳᠠᠭ ᠨᠢ ᠦᠨᠡᠨ ᠪᠢᠯᠠ᠃

ᠨᠤᠳᠤᠭ ᠤᠨ ᠮᠢᠨᠢ ᠠᠭᠤᠯᠠ ᠪᠠᠶᠠᠨ ᠪᠠᠢ᠌ᠳᠠᠭ ᠨᠢ ᠦᠨᠡᠨ ᠡ ︕ ᠶᠡᠭᠡ ᠭᠢᠩᠭ᠋ᠠᠨ ᠳᠠᠪᠠᠭᠠᠨ ᠤ ᠬᠤᠶᠠᠷ ᠶᠡᠭᠡ ᠣᠷᠭᠢᠯ ᠪᠣᠯᠬᠤ ᠰᠠᠢ᠌ᠬᠠᠨ ᠬᠠᠨ ᠠᠭᠤᠯᠠ᠂ ᠪᠠᠶᠠᠨ ᠬᠠᠢ᠌ᠷᠬᠠᠨ ᠨᠤᠳᠤᠭ ᠤᠨ ᠮᠢᠨᠢ ᠭᠡᠢ᠌ᠮᠦᠷᠢ ᠪᠣᠯᠵᠤ ᠰᠡᠭᠦᠢᠵᠤ ᠪᠠᠢ᠌ᠳᠠᠭ᠃ ᠨᠢ᠋ᠮᠠᠨ ᠬᠤᠰᠢᠭᠤᠨ ᠤ ᠳᠠᠭᠢᠯᠭ᠎ᠠ ᠲᠡᠶ ᠰᠠᠢ᠌ᠬᠠᠨ ᠬᠠᠨ ᠠᠭᠤᠯᠠ ᠨᠤᠳᠤᠭ ᠤᠨ ᠮᠢᠨᠢ ᠪᠠᠷᠠᠭᠤᠨ ᠵᠠᠬ᠎ᠠ ᠳᠤ ᠪᠠᠢ᠌ᠷᠢᠯᠠᠵᠤ᠂ ᠡᠨᠡᠷᠢᠯᠳᠤ ᠡᠴᠢᠭᠡ ᠶᠢᠨ ᠰᠦᠷᠯᠢᠭ᠌ ᠳᠦᠷᠢ ᠪᠠᠷ ᠨᠤᠳᠤᠭ ᠤᠨ ᠳᠦᠰᠢᠭ᠌ ᠪᠣᠯᠤᠨ ᠰᠦᠮᠪᠦᠷᠯᠠᠵᠤ᠂ ᠭᠡᠪᠳᠡᠭᠡ ᠯᠤᠤ ᠰᠢᠭ ᠰᠤᠨᠤᠯᠵᠠᠭᠰᠠᠨ ᠪᠠᠶᠠᠨ ᠬᠠᠢ᠌ᠷᠬᠠᠨ ᠨᠤᠳᠤᠭ ᠤᠨ ᠬᠣᠢ᠌ᠳᠤ ᠳᠠᠯ᠎ᠠ ᠳᠤ ᠬᠠᠯᠬᠠᠪᠴᠢ ᠪᠣᠯᠤᠨ ᠭᠡᠳᠡᠢ᠌ᠵᠤ ᠪᠠᠢ᠌ᠳᠠᠭ᠃ ᠬᠤᠶᠠᠷ ᠦᠨᠳᠦᠷ ᠣᠷᠭᠢᠯ ᠶᠢᠡᠨ ᠳᠠᠭᠠᠭᠠᠤᠨ᠂ ᠠᠭᠤᠯᠠ ᠳᠠᠪᠠᠭᠠᠤᠨ ᠦᠷᠭᠦᠯᠵᠢᠯᠡᠵᠤ᠂ ᠠᠭᠤᠯᠠ ᠪᠠᠨ ᠳᠠᠪᠠᠪᠠᠯ ᠳᠠᠪᠠᠭ᠎ᠠ᠂ ᠳᠠᠪᠠᠭ᠎ᠠ ᠪᠠᠨ ᠥᠩᠭᠡᠷᠡᠪᠠᠯ ᠠᠭᠤᠯᠠ ᠭᠡᠳ ᠯᠠ ᠳᠡᠷᠳᠡᠭᠡ ᠠᠭᠤᠯᠠᠰ ᠤᠨ ᠣᠷᠤᠢ᠂ ᠳᠡᠭ᠍ᠷᠢ ᠶᠢᠨ ᠬᠠᠶᠠᠭ᠎ᠠ ᠬᠤᠶᠠᠷ ᠯᠠ ᠨᠤᠳᠤᠭ ᠤᠨ ᠮᠢᠨᠢ ᠵᠠᠬ᠎ᠠ ᠭᠡᠵᠤ ᠪᠣᠳᠤᠭᠳᠠᠨ᠎ᠠ᠃ ᠡᠭᠦᠯᠡᠰ ᠤᠨ ᠴᠢᠮᠡᠭ᠌ ᠶᠢᠡᠷ ᠣᠷᠤᠢ ᠪᠠᠨ ᠭᠤᠶᠤᠭᠰᠠᠨ ᠠᠭᠤᠯᠠ ᠳᠠᠪᠠᠭᠠᠤᠨ ᠬᠣᠢ᠌ᠨ᠎ᠠ ᠬᠣᠢ᠌ᠨ᠎ᠠ ᠡᠴᠠ ᠪᠠᠨ ᠦᠷᠭᠦᠯᠵᠢᠯᠡᠵᠤ᠂ ᠠᠷᠴᠠ ᠶᠢᠨ ᠳᠠᠪᠠᠭ᠎ᠠ᠂ ᠮᠣᠢ᠌ᠯᠳᠤ ᠶᠢᠨ ᠳᠠᠪᠠᠭ᠎ᠠ᠂ ᠵᠡᠭᠦᠨ ᠪᠠᠷᠠᠭᠤᠨ ᠣᠯᠠᠭᠠᠨ ᠳᠠᠪᠠᠭ᠎ᠠ᠂ ᠨᠠᠷᠢᠨ ᠳᠠᠪᠠᠭ᠎ᠠ᠂ ᠭᠤᠷᠪᠠᠨ ᠡᠮ᠎ᠡ ᠶᠢᠨ ᠳᠠᠪᠠᠭ᠎ᠠ᠂ ᠰᠠᠩ ᠤᠨ ᠳᠠᠪᠠᠭ᠎ᠠ᠂ ᠭᠡᠷᠦᠭᠦ ᠶᠢᠨ ᠳᠠᠪᠠᠭ᠎ᠠ᠂ ᠡᠵᠢ ᠶᠢᠨ ᠳᠠᠪᠠᠭ᠎ᠠ᠂ ᠶᠠᠰᠢᠯᠳᠤ ᠶᠢᠨ ᠳᠠᠪᠠᠭ᠎ᠠ᠂ ᠬᠤᠷᠠᠭ᠎ᠠ ᠶᠢᠨ ᠳᠠᠪᠠᠭ᠎ᠠ᠂ ᠮᠤᠷᠢᠨ ᠳᠠᠪᠠᠭ᠎ᠠ᠂ ᠵᠠᠬ᠎ᠠ ᠳᠠᠪᠠᠭ᠎ᠠ᠂ ᠭᠡᠷᠡᠮ ᠤᠨ ᠳᠠᠪᠠᠭ᠎ᠠ᠂ ᠰᠢᠷᠭᠤᠭ᠎ᠠ ᠶᠢᠨ ᠳᠠᠪᠠᠭ᠎ᠠ᠂ ᠳᠤᠮᠤᠭ ᠤᠨ ᠳᠠᠪᠠᠭ᠎ᠠ᠂ ᠵᠢᠩᠭᠢᠯᠠᠢ ᠶᠢᠨ ᠳᠠᠪᠠᠭ᠎ᠠ᠂ ᠪᠣᠷᠭᠠᠰᠤᠳᠠᠢ ᠶᠢᠨ ᠳᠠᠪᠠᠭ᠎ᠠ᠁ ᠭᠡᠳ ᠠᠭᠤᠯᠠ ᠳᠠᠪᠠᠭᠠᠤᠨ ᠣᠨᠢ ᠬᠤᠯᠪᠤᠨ ᠦᠷᠭᠦᠯᠵᠢᠯᠡᠵᠤ᠂ ᠵᠢᠯᠠᠭ᠎ᠠ ᠳᠠᠮᠵᠢᠨ ᠬᠤᠯᠪᠣᠯᠳᠤᠵᠤ᠂ ᠠᠭᠤᠯᠠ ᠲᠡᠶ ᠨᠤᠳᠤᠭ ᠤᠨ ᠶᠡᠭᠡᠮᠰᠦᠭ᠌ ᠰᠦᠷ ᠢ ᠭᠠᠢ᠌ᠬᠠᠭᠤᠯᠤᠨ᠎ᠠ᠃

ᠭᠢᠩᠭ᠎ᠠ ᠦᠨᠳᠦᠷ ᠠᠭᠤᠯᠠ ᠳᠠᠪᠠᠭᠠᠤᠨ ᠤᠨ ᠶᠢᠡᠨ ᠣᠢ ᠭᠦᠪᠴᠢ ᠶᠢᠨ ᠠᠭᠯᠠᠭ ᠲᠤ ᠰᠤᠷᠭᠤᠭ ᠪᠠᠯᠴᠢᠭᠡᠷ ᠬᠠᠯᠢᠭᠤᠷᠠᠵᠤ᠂ ᠡᠪᠦᠯ ᠨᠦᠮᠦᠷᠢ ᠲᠡᠶ᠂ ᠵᠤᠨ ᠰᠡᠭᠦᠳᠡᠷ ᠲᠡᠶ ᠡᠴᠠ ᠳᠠᠪᠤᠨ ᠬᠤᠰᠢᠭᠤ ᠮᠠᠯ ᠤᠨ ᠵᠢᠷᠭᠠᠯ ᠤᠨ ᠣᠷᠤᠨ ᠪᠣᠯᠳᠠᠭ ᠶᠤᠮ᠃ ᠠᠭᠤᠯᠠᠨ ᠬᠤᠷᠮᠤᠢ ᠪᠠᠨ ᠳᠠᠭᠠᠵᠤ᠂ ᠦᠷᠢᠯ᠂ ᠳᠤᠯᠤᠭᠤᠨᠤ᠂ ᠮᠣᠢ᠌ᠯ᠂ ᠣᠬᠤᠨᠠᠢ᠂ ᠠᠯᠢᠮ᠎ᠠ ᠣᠯᠠᠷᠢᠯ ᠤᠨ ᠥᠩᠭᠡ ᠪᠠᠷ ᠪᠣᠯᠪᠠᠰᠤᠷᠠᠵᠤ᠂ ᠠᠭᠤᠳᠠᠮ ᠪᠠᠯᠴᠢᠭᠡᠷ ᠲᠤ ᠨᠢ ᠠᠭᠢ ᠳᠠᠭᠠᠨ᠎ᠠ ᠶᠢᠨ ᠦᠨᠦᠷ ᠰᠠᠩᠭᠢᠨᠠᠵᠤ᠂ ᠰᠠᠯᠭᠢᠨ ᠤ ᠠᠶᠠᠰ ᠶᠢᠡᠷ ᠭᠢᠯᠭᠠᠨ᠎ᠠ ᠨᠠᠮᠢᠷᠠᠵᠤ᠂ ᠭᠢᠶᠠᠭ ᠰᠡᠷᠪᠠᠯᠵᠡᠳᠡᠭ᠌ ᠰᠠᠢ᠌ᠬᠠᠨ ᠨᠤᠳᠤᠭ ᠪᠠᠢ᠌ᠭᠰᠠᠨ ᠶᠤᠮ ᠡ ︕ ᠪᠠᠶᠠᠨ ᠠᠭᠤᠯᠠ ᠨᠤᠳᠤᠭ ᠤᠨ ᠵᠤᠬᠢᠶᠠᠯᠴᠢ ᠨᠣ᠊·ᠪᠠᠭᠠᠳᠤᠷ ᠭᠤᠸᠠᠢ 《ᠪᠠᠶᠠᠨ ᠭᠤᠤᠯ ᠤᠨ ᠱᠤᠤᠭᠢᠶᠠᠨ》 ᠭᠡᠳᠡᠭ᠌ ᠵᠤᠬᠢᠶᠠᠯ ᠳᠤ ᠪᠠᠨ ᠪᠠᠶᠠᠨ ᠬᠠᠢ᠌ᠷᠬᠠᠨ ᠤ ᠦᠵᠡᠮᠵᠢ ᠶᠢ ᠳᠦᠷᠰᠦᠯᠡᠭᠦ ᠳᠤ ᠪᠠᠨ 《ᠰᠢᠳᠠᠮ ᠶᠢᠡᠷ ᠭᠤᠷ᠎ᠠ ᠵᠦᠷ᠎ᠠ ᠶᠢ ᠴᠤᠭᠢᠨ ᠠᠯᠠᠵᠤ᠂ ᠰᠠᠪᠠᠷ ᠶᠢᠡᠷ ᠵᠢᠭᠠᠰᠤ ᠱᠥᠭᠦᠵᠤ ᠪᠠᠢ᠌ᠳᠠᠯ᠎ᠠ ᠭᠤᠷᠭᠤᠤᠯ ᠳᠤᠭᠤᠭᠠᠨ ᠳᠤ ᠨᠢᠰᠴᠤ ᠣᠷᠤᠪᠠᠢ》 ᠭᠡᠳᠡᠭ᠌ ᠶᠢᠡᠷ ᠠᠭᠯᠠᠭ ᠣᠢ ᠳᠤ ᠨᠢ ᠠᠷᠢᠶᠠᠳᠠᠨ ᠭᠦᠷᠦᠭᠡᠰᠤ ᠰᠦᠯᠵᠢᠯᠳᠤᠨ᠂ ᠠᠳᠠᠷ ᠳᠠᠯ᠎ᠠ ᠳᠤ ᠨᠢ ᠠᠳᠤᠭᠤ ᠮᠠᠯ ᠪᠠᠯᠴᠢᠭ᠍ᠰᠡᠨ ᠮᠤᠩᠭ᠋ᠤᠯ ᠤᠨ ᠰᠠᠢ᠌ᠬᠠᠨ ᠣᠷᠤᠨ ᠪᠠᠢ᠌ᠭᠰᠠᠨ ᠡ ︕ ᠨᠤᠳᠤᠭ ᠤᠨ ᠮᠢᠨᠢ ᠮᠠᠯᠴᠢᠳ ᠣᠤᠭᠠᠯ ᠨᠤᠳᠤᠭ ᠤᠨ ᠦᠵᠡᠮᠵᠢ ᠳᠤ ᠪᠠᠨ ᠰᠤᠭᠳᠤᠭᠤᠷᠠᠨ᠂ ᠥᠩᠰᠢᠭ᠌ ᠠᠮᠢᠳᠤᠷᠠᠯ ᠤᠨ ᠵᠢᠷᠭᠠᠯ ᠳᠤ ᠴᠡᠩᠭᠡᠵᠤ ᠶᠠᠪᠣᠬᠤ ᠳᠤ ᠪᠠᠨ᠄

ᠠᠭᠤᠯᠠᠰ ᠨᠢ ᠰᠦᠷᠯᠢᠭ᠌ ᠪᠣᠯᠬᠤᠷ ᠭᠦᠪᠠᠭᠦᠤᠨ ᠨᠢ ᠳᠠᠩᠳᠠ ᠪᠦᠭᠡᠴᠢᠨ ᠪᠣᠯᠳᠠᠭ

ᠣᠷᠤᠰᠬᠠᠯ ᠨᠢ ᠳᠤᠩᠭ᠋ᠠᠯᠠᠭ ᠪᠣᠯᠬᠤᠷ ᠦᠬᠢᠳ ᠨᠢ ᠳᠠᠩᠳᠠ ᠵᠢᠰᠦᠯᠢᠭ᠌ ᠳᠦᠷᠦᠳᠡᠭ᠌ ᠭᠡᠵᠤ ᠨᠤᠳᠤᠭ ᠪᠠᠢ᠌ᠭᠠᠯᠢ ᠶᠢᠨ ᠶᠢᠡᠨ ᠳᠠᠩᠰᠤᠭ ᠲᠤ ᠣᠯᠵᠠᠷᠬᠠᠵᠤ ᠣᠮᠤᠭᠰᠢᠵᠤ ᠶᠠᠪᠣᠳᠠᠭ ᠨᠢ ᠦᠨᠡᠨ ᠪᠢᠯᠠ᠃

ᠲ᠋ᠡᠭᠡᠷ᠎ᠡ ᠵᠠᠭᠤᠨ ᠤ ᠳᠠᠯᠠᠭᠠᠤᠨ ᠣᠨ ᠳᠤ ᠪᠠᠶᠠᠨ ᠠᠭᠤᠯᠠ ᠨᠤᠳᠤᠭ ᠲᠤ ᠬᠤᠯᠠ ᠶᠢᠨ ᠵᠤᠴᠢᠳ ᠠᠢ᠌ᠯᠴᠢᠯᠠᠭᠰᠠᠨ ᠪᠠᠢ᠌ᠵᠠᠢ᠃ ᠵᠸᠤ ᠶᠡᠷᠦᠩᠭᠡᠢ ᠰᠠᠢ᠌ᠳ ᠤᠨ ᠵᠠᠷᠯᠢᠭ ᠶᠢᠡᠷ ᠠᠭᠤᠷᠬᠠᠢ ᠬᠠᠢ᠌ᠬᠤ ᠭᠦᠮᠦᠰ ᠪᠦᠭᠦᠢᠯᠡ ᠦᠪᠣᠷ ᠮᠤᠩᠭ᠋ᠤᠯ ᠣᠷᠤᠨ ᠳᠤ ᠱᠥᠭᠦᠷᠳᠡᠯᠳᠡ ᠶᠢᠨ ᠴᠢᠨᠠᠷᠳᠠᠢ ᠬᠠᠢ᠌ᠯᠳᠠ ᠭᠢᠵᠤ᠂ 《ᠪᠠᠶᠠᠨ》 ᠨᠠᠷᠠᠢ᠌ᠳᠤᠯ ᠪᠦᠭᠦᠢ ᠨᠤᠳᠤᠭ ᠣᠰᠤ ᠶᠢ ᠨᠢᠭᠡ ᠶᠢ ᠴᠤ ᠥᠯᠡᠳᠡᠭᠡᠯ ᠦᠭᠡᠶ ᠬᠠᠢ᠌ᠨ ᠭᠡᠮᠵᠢᠯᠳᠡ ᠭᠢᠭ᠍ᠰᠡᠭᠡᠷ ᠪᠠᠶᠠᠨ ᠠᠭᠤᠯᠠ ᠳᠤ ᠭᠦᠷᠴᠤ ᠢᠷᠡᠭ᠍ᠰᠡᠨ ᠨᠢ ᠡᠨᠡ ᠪᠠᠢ᠌ᠵᠠᠢ᠃ ᠣᠤᠯ ᠨᠢ ᠣᠯᠤᠰ ᠤᠨ ᠭᠠᠵᠠᠷ ᠰᠢᠡᠵᠢᠯᠡᠭᠡᠨ ᠤ ᠠᠩᠭᠢ ᠶᠢᠨ ᠮᠡᠷᠭᠡᠵᠢᠯᠳᠡᠨ ᠬᠠᠢ᠌ᠨ ᠭᠡᠮᠵᠢᠯᠳᠡ ᠭᠢᠵᠤ ᠶᠠᠪᠣᠬᠤ ᠳᠤ ᠪᠠᠨ ᠦᠪᠣᠷ ᠮᠤᠩᠭ᠋ᠤᠯ ᠳᠤ ᠳᠡᠯᠡᠭᠡᠢ ᠳᠤ ᠬᠤᠪᠣᠷᠬᠠᠨ ᠳᠤᠮᠤᠬᠠᠨ ᠨᠥᠭᠡᠴᠡ ᠲᠡᠶ ᠥᠩᠭᠡᠳᠤ ᠳᠡᠮᠦᠷᠯᠢᠭ᠌ ᠤᠨ ᠠᠭᠤᠷᠬᠠᠢ ᠶᠢᠨ ᠪᠣᠯᠠᠭᠳᠠᠴᠠ ᠪᠠᠢ᠌ᠬᠤ ᠶᠢ ᠪᠠᠢ᠌ᠴᠠᠭᠠᠵᠤ ᠣᠯᠤᠭᠠᠤᠨ᠂ ᠭᠠᠵᠠᠷ ᠤᠨ ᠨᠠᠷᠠᠢ᠌ᠳᠤᠯ ᠢ ᠨᠢ 《ᠪᠠᠶᠠᠨ ᠨᠠᠭᠤᠷ》 (ᠭᠢᠳᠠᠤᠨ ᠪᠢᠴᠢᠯᠭᠡ 白音诺尔) ᠭᠡᠵᠤ ᠬᠠ‍‌ᠶᠢᠭᠯᠠᠭᠠᠤᠨ᠂ ᠣᠯᠤᠰ ᠭᠡᠷ ᠡᠴᠠ ᠵᠥᠪᠰᠢᠶᠡᠷᠡᠭᠦᠯᠭᠦ ᠡᠴᠠ ᠡᠮᠤᠨ᠎ᠡ ᠣᠷᠪᠠᠭᠠᠨ ᠭᠦᠷᠪᠠᠭᠡᠨ ᠲᠡᠶ ᠣᠯᠤᠰ ᠳᠦᠷᠤ ᠶᠢᠨ ᠭᠦᠳᠡᠯᠭᠡᠭᠡᠨ ᠳᠤ ᠣᠷᠢᠶᠠᠭᠳᠠᠨ᠂ ᠣᠯᠠᠭᠠᠨ ᠳᠤᠭᠤᠰᠤᠨ ᠡᠴᠠ ᠦᠨᠢᠳᠠ ᠠᠩᠵᠢᠷᠠᠭᠰᠠᠨ ᠪᠠᠢ᠌ᠵᠠᠢ ᠁

ᠠᠭᠤᠷᠬᠠᠢ ᠶᠢᠨ ᠣᠢ᠌ᠯᠠᠰ ᠤᠨ ᠳᠤᠪᠴᠢᠶ᠎ᠠ ᠡᠴᠠ ᠡᠨᠡᠭᠦ ᠳᠠᠩᠰᠠ ᠡᠪᠭᠡᠮᠡᠯ ᠢ ᠰᠠᠨᠠᠮᠰᠠᠷ ᠦᠭᠡᠶ ᠰᠤᠨᠤᠰᠤᠭᠰᠠᠨ ᠵᠸᠤ ᠶᠡᠷᠦᠩᠭᠡᠢ ᠰᠠᠢ᠌ᠳ ᠭᠠᠵᠠᠷ ᠰᠢᠡᠵᠢᠯᠡᠭᠡᠨ ᠤ ᠠᠩᠭᠢ ᠳᠤ ᠬᠠᠳᠠᠭᠤ ᠵᠠᠷᠯᠢᠭ ᠪᠠᠭᠤᠯᠭᠠᠵᠤ᠂ 《ᠡᠯᠪᠠᠭ᠌ ᠪᠣᠯᠠᠭᠳᠠᠴᠠ ᠲᠡᠶ ᠡᠷᠳᠡᠨᠢ ᠶᠢᠨ ᠠᠭᠤᠷᠬᠠᠢ》 ᠶ᠋ᠢ ᠵᠠᠪᠠᠯ ᠡᠷᠢᠵᠤ ᠣᠯᠬᠤ ᠡᠭᠦᠷᠭᠡ ᠶᠢ ᠳᠤᠰᠢᠶᠠᠭᠰᠠᠨ ᠪᠠᠢ᠌ᠯ᠎ᠠ᠃ ᠭᠠᠵᠠᠷ ᠰᠢᠡᠵᠢᠯᠡᠭᠡᠨ ᠤ ᠮᠡᠷᠭᠡᠵᠢᠯᠳᠡᠨ ᠤ 《ᠪᠠᠶᠠᠨ ᠨᠠᠭᠤᠷ》 ᠭᠡᠭᠦ ᠬᠠ‍‌ᠶᠢᠭ ᠢ ᠦᠨᠳᠦᠰᠦᠯᠠᠨ᠂ ᠦᠪᠣᠷ ᠮᠤᠩᠭ᠋ᠤᠯ ᠤᠨ ᠪᠠᠷᠠᠭᠤᠨ ᠣᠷᠤᠨ ᠤ ᠪᠠᠶᠠᠠᠨᠠᠭᠤᠷ ᠠᠢ᠌ᠮᠠᠭ ᠡᠴᠠ ᠡᠭᠢᠯᠡᠨ ᠬᠠᠢ᠌ᠨ ᠪᠠᠢ᠌ᠴᠠᠭᠠᠵᠤ᠂ ᠭᠡᠳᠤᠨ ᠵᠢᠯ ᠪᠣᠯᠤᠭᠰᠠᠨ ᠪᠣᠯᠪᠠᠴᠤ ᠦᠷ᠎ᠡ ᠳ᠋ᠦ᠋ᠩ ᠭᠠᠷᠤᠭᠰᠠᠨ ᠦᠭᠡᠶ᠃ ᠭᠠᠷ ᠶᠢᠡᠨ ᠨᠤᠬᠤᠯᠠᠵᠤ ᠭᠠᠴᠢᠭᠳᠠᠭᠰᠠᠨ ᠭᠠᠵᠠᠷ ᠰᠢᠡᠵᠢᠯᠡᠭᠡᠨ ᠤ ᠭᠢᠨ ᠠᠷᠭ᠎ᠠ ᠶᠠᠳᠠᠬᠤ ᠳᠤ ᠪᠠᠨ 《ᠪᠠᠶᠠᠨ》 ᠨᠠᠷᠠᠢ᠌ᠳᠤᠯ ᠪᠦᠭᠦᠢ ᠭᠠᠵᠠᠷ ᠣᠷᠤᠨ ᠢ ᠪᠦᠭᠦᠨ ᠢ ᠬᠠᠢ᠌ᠨ ᠪᠠᠢ᠌ᠴᠠᠭᠠᠬᠤ ᠠᠳᠠᠭ ᠤᠨ ᠠᠷᠭ᠎ᠠ ᠭᠡᠷᠡᠭᠯᠡᠭ᠍ᠰᠡᠨ ᠨᠢ ᠡᠨᠡ ᠪᠠᠢ᠌ᠵᠠᠢ᠃

ᠣᠬᠠᠭᠠᠠᠳᠤ ᠳᠡᠭᠡᠳᠦᠰ ᠤᠨ ᠮᠠᠨᠢ ᠬᠠᠢ᠌ᠷᠠᠯᠠᠭᠰᠠᠨ ᠡᠴᠢᠨ᠎ᠡ ᠨᠢᠭᠤᠴᠠᠬᠠᠨ ᠨᠤᠳᠤᠭ ᠤᠨ ᠠᠯᠳᠠᠷ ᠤᠨ ᠣᠨᠢᠰᠤᠭ᠎ᠠ ᠡᠨᠡ ᠣᠳᠠᠭᠠᠨ ᠤ ᠬᠠᠢ᠌ᠨ ᠪᠠᠢ᠌ᠴᠠᠭᠠᠯᠳᠠ ᠪᠠᠷ ᠠᠩᠬ᠎ᠠ ᠳᠠᠢ᠌ᠯᠤᠭᠳᠠᠭᠰᠠᠨ᠃ ᠭᠦᠭᠡ ᠳᠠᠪᠳᠠᠷ ᠲᠤ ᠳᠡᠮᠳᠡᠭᠯᠡᠭ᠍ᠳᠡᠭ᠍ᠰᠡᠨ ᠨᠤᠳᠤᠭ ᠤᠨ ᠨᠠᠷᠠᠢ᠌ᠳᠤᠯ ᠊᠊᠊᠊᠊᠊᠊᠊᠊᠊᠊᠊᠊᠊᠊ 《ᠪᠠᠶᠠᠨ ᠠᠭᠤᠯᠠ》᠂ ᠭᠦᠭᠡᠮᠳᠦᠭ᠌ ᠬᠠᠢ᠌ᠷᠬᠠᠨ ᠣᠯᠠᠨ ᠶᠢᠡᠷ ᠪᠢᠰᠢ᠂ ᠨᠤᠳᠤᠭ ᠤᠨ ᠳᠦᠰᠢᠯᠭᠡ ᠊᠊᠊᠊᠊᠊᠊᠊᠊᠊᠊᠊᠊᠊᠊ ᠪᠠᠶᠠᠨ ᠬᠠᠢ᠌ᠷᠬᠠᠨ ᠤ ᠠᠯᠳᠠᠷ ᠶᠢᠡᠷ ᠴᠤ ᠪᠢᠰᠢ᠂ ᠭᠦᠷᠦᠰᠤᠨ ᠳᠤ ᠪᠠᠨ ᠨᠢᠭᠤᠭᠳᠠᠭᠰᠠᠨ ᠡᠳ᠋ ᠪᠠᠶᠠᠯᠢᠭ ᠶᠢᠡᠷ ᠶᠢᠡᠨ ᠴᠤ 《ᠪᠠᠶᠠᠨ》 ᠪᠠᠢ᠌ᠭᠰᠠᠨ ᠠᠵᠠᠢ᠃ ᠭᠡᠳᠤᠨ ᠵᠢᠯ ᠭᠦᠴᠤ ᠪᠠᠨ ᠪᠠᠷᠠᠵᠤ᠂ ᠰᠡᠳᠭᠢᠯ ᠶᠢᠡᠨ ᠮᠤᠬᠤᠭᠠᠵᠤ ᠡᠷᠢᠭ᠍ᠰᠡᠨ ᠡᠷᠳᠡᠨᠢ ᠶᠢᠨ ᠭᠦᠮᠦᠷᠭᠡ ᠭᠡᠨᠡᠳᠲᠡ ᠢᠯᠡᠷᠡᠭᠦ ᠪᠠᠷ ᠭᠠᠵᠠᠷ ᠰᠢᠡᠵᠢᠯᠡᠭᠡᠨ ᠤ ᠭᠢᠨ ᠴᠤ ᠪᠠᠶᠠᠷᠯᠠᠬᠤ ᠦᠭᠡᠶ ᠪᠠᠢ᠌ᠬᠤ ᠶᠢᠨ ᠠᠷᠭ᠎ᠠ ᠦᠭᠡᠶ᠃ ᠰᠢᠭᠤᠳ ᠯᠠ ᠳᠡᠭᠡᠳᠤ ᠱᠠᠳᠤᠨ ᠳᠤ ᠪᠠᠨ ᠤ ᠮᠡᠳᠡᠭᠦᠯᠦᠯᠳᠡ ᠳᠡᠪᠰᠢᠭᠦᠯᠵᠤ᠂ 《ᠪᠠᠶᠠᠨ ᠨᠠᠭᠤᠷ》 ᠥᠩᠭᠡᠳᠤ ᠳᠡᠮᠦᠷᠯᠢᠭ᠌ ᠤᠨ ᠠᠭᠤᠷᠬᠠᠢ ᠶᠢ ᠬᠠᠢ᠌ᠨ ᠪᠠᠢ᠌ᠴᠠᠭᠠᠤᠨ ᠣᠯᠤᠭᠰᠠᠨ ᠡ ︕ ᠭᠡᠵᠤ ᠪᠠᠶᠠᠷ ᠤᠨ ᠮᠡᠳᠡᠭᠡ ᠭᠦᠷᠭᠡᠭ᠍ᠰᠡᠨ ᠪᠢᠯᠠ᠃ 《ᠪᠠᠶᠠᠨ ᠨᠠᠭᠤᠷ》 (ᠭᠢᠳᠠᠤᠨ ᠪᠢᠴᠢᠯᠭᠡ) ᠴᠤ ᠦᠨᠦᠳᠤᠷ ᠡᠴᠠ ᠡᠭᠢᠯᠡᠵᠤ᠂ 《ᠪᠠᠶᠠᠨ ᠠᠭᠤᠯᠠ》 ᠶ᠋ᠢ ᠣᠷᠤᠯᠠᠬᠤ ᠠᠩᠬᠠᠨ ᠤ ᠡᠭᠦᠷᠭᠡ ᠪᠠᠨ ᠪᠠᠶᠡᠯᠡᠭᠦᠯᠦᠭ᠍ᠰᠡᠨ ᠡ ︕

ᠪᠠᠶᠠᠨ ᠨᠢᠷᠤᠭᠤ ᠴᠠᠢ᠌ᠷ ᠳᠤᠭᠤᠯᠭ᠎ᠠ ᠶᠢᠨ ᠠᠭᠤᠷᠬᠠᠢ ᠨᠢ ᠭᠤᠷᠪᠠᠨ ᠵᠢᠯ ᠤᠨ ᠬᠠᠢ᠌ᠨ ᠪᠠᠢ᠌ᠴᠠᠭᠠᠯᠳᠠ ᠭᠢᠨᠠᠨ ᠰᠢᠠᠵᠢᠯᠠᠯᠳᠠ ᠶᠢᠨ ᠰᠠᠭᠤᠷᠢᠨ ᠳᠡᠭᠡᠷ᠎ᠡ ᠥᠨᠡᠩᠭᠦ ᠮᠤᠠᠳᠠᠭ ᠳᠤᠮᠤ ᠨᠥᠭᠡᠴᠡ ᠲᠡᠶ ᠥᠩᠭᠡᠳᠤ ᠳᠡᠮᠦᠷᠯᠢᠭ᠌ ᠤᠨ ᠠᠭᠤᠷᠬᠠᠢ ᠪᠣᠯᠬᠤ ᠶᠢ ᠨᠤᠳᠠᠯᠠᠵᠤ᠂ 1979 ᠣᠨ ᠳᠤ ᠵᠢᠩᠭᠢᠨᠢ ᠪᠠᠷ ᠨᠡᠭᠡᠭᠡᠨ ᠠᠰᠢᠭᠯᠠᠯᠳᠠ ᠳᠤ ᠣᠷᠤᠭᠰᠠᠨ ᠶᠤᠮ᠃ ᠳᠤᠰ ᠠᠭᠤᠷᠬᠠᠢ ᠨᠢ ᠳᠤᠮᠳᠠᠳᠤ ᠣᠯᠤᠰ ᠲᠤ ᠴᠥᠭᠡᠨ ᠣᠯᠳᠠᠳᠠᠭ ᠳᠤᠮᠤ ᠭᠡᠮᠵᠢᠶᠡᠨ ᠤ ᠥᠩᠭᠡᠳᠤ ᠳᠡᠮᠦᠷᠯᠢᠭ᠌ ᠤᠨ ᠠᠭᠤᠷᠬᠠᠢ ᠶᠢᠨ ᠭᠦᠳᠡᠷ ᠬᠠᠳᠠᠭᠠᠯᠠᠭᠳᠠᠵᠤ᠂ ᠡᠭᠦᠨ ᠳᠤ ᠬᠠᠷ᠎ᠠ ᠳᠤᠭᠤᠯᠭ᠎ᠠ᠂ ᠴᠠᠢ᠌ᠷ᠂ ᠮᠦᠩᠭᠦ ᠪᠠᠷ ᠭᠤᠤᠯᠳᠠᠵᠤ᠂ ᠪᠠᠰᠠ ᠵᠤᠭᠢᠬᠤ ᠭᠡᠮᠵᠢᠶᠡᠨ ᠤ ᠰᠸᠯᠧᠨ᠂ ᠵᠠᠰ᠂ ᠦᠷᠠᠨ᠂ ᠠᠯᠳᠠ ᠵᠡᠷᠭᠡ ᠣᠯᠠᠨ ᠵᠣᠢ᠌ᠯ ᠤᠨ ᠡᠷᠦᠳᠡᠰᠤ ᠠᠬᠤᠭᠤᠯᠠᠭᠳᠠᠵᠤ ᠪᠠᠢ᠌ᠳᠠᠭ᠃ ᠡᠭᠦᠨ ᠡᠴᠠ ᠭᠠᠳᠠᠨ᠎ᠠ ᠳᠡᠮᠦᠷᠯᠢᠭ᠌ ᠪᠣᠰᠤ ᠵᠣᠢ᠌ᠯ ᠤᠨ ᠡᠯᠧᠮᠸᠨ᠋ᠲ᠋ ᠴᠠᠭᠢᠭᠤᠷ᠂ ᠭᠠᠠᠳᠢᠭ ᠴᠢᠯᠠᠭᠤ᠂ ᠵᠡᠷᠭᠡ ᠬᠤᠪᠣᠷ ᠴᠤᠬᠠᠭ ᠠᠭᠤᠷᠬᠠᠢ ᠶᠢᠨ ᠬᠠᠳᠠᠭᠠᠯᠠᠴᠠ ᠲᠡᠶ ᠪᠠᠢ᠌ᠵᠠᠢ᠃

     ᠦᠨᠦᠳᠤᠷ ᠪᠣᠯᠬᠤ ᠳᠤ ᠪᠠᠶᠠᠨ ᠨᠢᠷᠤᠭᠤ ᠴᠠᠢ᠌ᠷ ᠳᠤᠭᠤᠯᠭ᠎ᠠ ᠶᠢᠨ ᠠᠭᠤᠷᠬᠠᠢ ᠶᠢᠨ ᠠᠯᠳᠠᠷ ᠣᠯᠠᠮ ᠮᠠᠠᠳᠤᠵᠤ᠂ ᠡᠮᠦᠨᠡᠳᠤ ᠠᠹᠷᠢᠺᠠ ᠲᠡᠶ ᠬᠠᠮᠳᠤᠷᠠᠨ ᠠᠵᠢᠯᠯᠠᠬᠤ ᠭᠡᠷ᠎ᠡ ᠪᠠᠢ᠌ᠭᠤᠯᠵᠤ᠂ ᠠᠭᠤᠷᠬᠠᠢ ᠨᠡᠭᠡᠭᠡᠯᠳᠡ ᠪᠠᠨ ᠦᠷᠭᠡᠳᠭᠡᠵᠤ᠂ ᠠᠵᠢᠯᠯᠠᠭᠠᠨ ᠤ ᠭᠡᠯᠪᠠᠷᠢ ᠪᠠᠨ ᠴᠤᠯᠤ ᠮᠠᠰᠢᠠᠴᠢᠯᠠᠬᠤ ᠥᠭᠡᠳᠡ ᠭᠦᠭ᠍ᠵᠢᠭᠦᠯᠵᠤ ᠪᠠᠢ᠌ᠨ᠎ᠠ᠃ ᠴᠤᠯᠤ ᠳᠤᠭᠤᠯᠭᠠᠨ ᠤ ᠵᠢᠯ ᠤᠨ ᠭᠠᠷᠤᠯᠳᠠ ᠨᠢ 3 ᠲᠦᠮᠡᠨ ᠳᠤᠨ᠂ ᠴᠤᠯᠤ ᠴᠠᠢ᠌ᠷ ᠤᠨ ᠵᠢᠯ ᠤᠨ ᠭᠠᠷᠤᠯᠳᠠ ᠨᠢ 3 ᠲᠦᠮᠡᠨ ᠳᠤᠨ᠂ ᠴᠤᠯᠤ ᠮᠦᠩᠭᠦᠨ ᠤ ᠵᠢᠯ ᠤᠨ ᠭᠠᠷᠤᠯᠳᠠ ᠨᠢ 20 ᠳᠤᠨ ᠭᠦᠷᠴᠤ᠂ ᠳᠤᠮᠳᠠᠳᠤ ᠣᠯᠤᠰ ᠤᠨ ᠳᠦᠷᠪᠠᠨ ᠶᠡᠭᠡ ᠠᠭᠤᠷᠬᠠᠢ ᠶᠢᠨ ᠣᠢ᠌ᠯᠠᠰ ᠤᠨ ᠠᠵᠤ ᠠᠬᠤᠢ᠌ᠯᠠᠯ ᠤᠨ ᠨᠢᠭᠡ ᠪᠠᠷ ᠳᠤᠳᠤᠷᠠᠭᠰᠠᠨ ᠪᠠᠢ᠌ᠨ᠎ᠠ᠃ ᠠᠭᠤᠳᠠᠯᠠᠭᠠᠤᠨ ᠪᠠᠷᠠᠬᠤ ᠦᠭᠡᠶ ᠠᠭᠤᠷᠬᠠᠢ ᠶᠢᠨ ᠪᠣᠯᠠᠭᠳᠠᠴᠠ ᠲᠡᠶ ᠨᠤᠳᠤᠭ ᠤᠨ ᠮᠢᠨᠢ ᠨᠠᠷᠠᠢ᠌ᠳᠤᠯ ᠶᠠᠷᠤ ᠨᠢ ᠴᠠᠭᠠᠨ᠎ᠠ ᠪᠠᠨ ᠨᠢᠭᠡ ᠣᠴᠢᠷᠳᠠᠢ ᠪᠠᠢ᠌ᠵᠤ ᠮᠠᠳᠠᠨ᠎ᠡ᠃ ᠪᠠᠶᠠᠨ ᠬᠠᠢ᠌ᠷᠬᠠᠨ ᠤ ᠵᠡᠭᠦᠨ ᠰᠡᠵᠢᠭᠦᠷ ᠲᠤ ᠨᠢᠭᠡ ᠪᠣᠰᠤᠭ᠎ᠠ ᠬᠠᠳᠠ ᠪᠠᠢ᠌ᠭᠰᠠᠨ ᠢ ᠨᠤᠳᠤᠭ ᠤᠨ ᠲᠦᠮᠡᠨ ᠰᠡᠭᠡᠡᠴᠡᠭ᠌ ᠭᠡᠵᠤ ᠨᠡᠷᠡᠯᠡᠳᠡᠭ᠌ ᠪᠠᠢ᠌ᠭᠰᠠᠨ ᠶᠤᠮ᠃ ᠪᠠᠶᠠᠨ ᠨᠢᠷᠤᠭᠤ ᠠᠭᠤᠷᠬᠠᠢ ᠶᠢᠨ ᠠᠩᠬᠠᠨ ᠤ ᠠᠵᠢᠯ ᠨᠢ ᠡᠨᠡ ᠬᠠᠳᠠᠨ ᠡᠴᠠ ᠡᠭᠢᠯᠡᠵᠤ᠂ ᠣᠳᠤ ᠪᠣᠯᠬᠤ ᠳᠤ ᠪᠦᠭᠦᠢᠯᠡ ᠠᠭᠤᠯᠠᠨ ᠳᠤ ᠭᠦᠯ ᠭᠢᠰᠭᠢᠭᠦ ᠵᠠᠢ ᠦᠭᠡᠶ ᠪᠣᠯᠤᠨ ᠰᠡᠭ᠍ᠴᠢᠭ᠍ᠳᠡᠵᠤ᠂ ᠠᠰᠬ᠎ᠠ ᠪᠣᠰᠤᠭ᠎ᠠ ᠬᠠᠳᠠ ᠴᠢᠯᠠᠭᠤᠳ ᠨᠢ ᠴᠤ ᠰᠢᠷᠬ᠎ᠠ ᠰᠤᠷᠪᠢ ᠪᠠᠷ ᠳᠦᠭᠦᠷᠴᠤ᠂ ᠣᠤᠯ ᠨᠠᠷᠠᠢ᠌ᠳᠤᠯ ᠤᠨ ᠣᠬᠠᠭᠠᠨ ᠢ ᠨᠢ ᠣᠯᠬᠤ ᠦᠭᠡᠶ ᠪᠠᠢ᠌ᠭᠰᠠᠨ ᠨᠤᠳᠤᠭ ᠤᠨ ᠮᠠᠯᠴᠢᠳ ᠣᠳᠤ ᠨᠢᠭᠡ ᠣᠢ᠌ᠯᠠᠭᠠᠬᠤ ᠰᠢᠤᠬᠠᠨ ᠪᠣᠯᠤᠭᠰᠠ ᠡ ︕ ᠨᠤᠳᠤᠭ ᠣᠰᠤᠨ ᠤ ᠳᠠᠯᠳᠠ ᠨᠢᠭᠤᠴᠠᠬᠠᠨ ᠵᠣᠢ᠌ᠯᠠᠰ ᠢ ᠳᠠᠩᠳᠠ ᠣᠢ᠌ᠯᠠᠭᠠᠳᠠᠭ ᠦᠭᠡᠶ ᠪᠠᠢ᠌ᠭᠰᠠᠨ ᠨᠢ ᠳᠠᠭᠠᠷᠢᠭᠠᠤᠨ ᠢᠷᠡᠭᠦ ᠣᠨ ᠵᠢᠯ ᠤᠨ ᠣᠷᠤᠰᠬᠠᠯ ᠶᠢᠡᠷ ᠠᠶᠠᠠᠳᠠᠭᠠᠨ ᠳᠠᠢ᠌ᠯᠤᠭᠳᠠᠬᠤ ᠣᠨᠢᠰᠤᠭ᠎ᠠ ᠪᠣᠯᠬᠤ ᠦᠶ᠎ᠡ ᠳᠤ ᠮᠠᠨᠤᠰ ᠳᠤᠮᠤᠭ ᠤᠨ ᠵᠠᠭᠤᠨ ᠤ ᠭᠦᠨ ᠣᠬᠠᠭᠠᠨ ᠢ ᠰᠡᠳᠭᠢᠯ ᠶᠢᠡᠷ ᠶᠢᠡᠨ ᠮᠡᠳᠡᠷᠡᠳᠡᠭ᠌ ᠪᠢᠯᠠ᠃

ᠡᠭᠡ ᠳᠡᠯᠡᠭᠡᠢ ᠶᠢᠨ ᠵᠦᠷᠢᠭ᠍ᠳᠡᠯ ᠡᠴᠠ ᠡᠭᠦᠰᠦᠭ᠍ᠰᠡᠨ ᠠᠭᠤᠯᠠ ᠨᠢᠷᠤᠭᠤᠳ ᠨᠤᠳᠤᠭ ᠤᠨ ᠭᠡᠢ᠌ᠮᠦᠷᠢ ᠪᠣᠯᠤᠨ ᠬᠠᠨᠠᠷᠠᠵᠤ ᠰᠡᠭᠦᠢᠨ᠂ ᠨᠠᠷᠠᠰᠤ ᠮᠠᠢ᠌ᠯᠠᠰᠤ ᠪᠠᠷ ᠨᠠᠮᠬᠠᠨ ᠨᠢᠷᠤᠭᠤᠳ ᠶᠢᠡᠨ ᠭᠤᠶᠤᠯᠠᠵᠤ ᠪᠠᠢ᠌ᠭᠰᠠᠨ ᠮᠠᠨᠢ ᠦᠴᠦᠭᠡᠳᠦᠷ ᠤᠨ ᠳᠡᠦᠭᠡ ᠪᠣᠯᠤᠨ ᠥᠩᠭᠡᠷᠡᠵᠡᠢ᠃ ᠠᠭᠤᠷᠬᠠᠢ ᠶᠢᠨ ᠣᠢ᠌ᠯᠠᠰ ᠤᠨ ᠱᠠᠭᠠᠷᠳᠠᠯᠭ᠎ᠠ ᠪᠠᠷ ᠥᠭᠡᠳᠡᠩ ᠬᠠᠷ᠎ᠠ ᠭᠦᠷᠦᠰᠤ ᠶᠢ ᠵᠢᠷᠦᠭᠡᠨ ᠳᠤ ᠨᠢ ᠭᠦᠷᠳᠡᠯ᠎ᠡ ᠠᠭᠤᠳᠠᠯᠠᠨ᠎ᠠ᠂ ᠡᠭ᠍ᠴᠡ ᠪᠣᠰᠤᠭ᠎ᠠ ᠬᠠᠳᠠ ᠶᠢ ᠨᠢ ᠦᠨᠡᠰᠤᠨ ᠳᠤᠪᠷᠤᠭ ᠪᠣᠯᠭᠠᠨ᠎ᠠ᠂ ᠠᠭᠤᠯᠠ ᠭᠢᠩᠭ᠎ᠠ ᠶᠢ ᠨᠢ ᠴᠤᠭᠤᠯᠵᠤ ᠳᠠᠮᠤᠷ ᠵᠠᠮ ᠳᠠᠪᠢᠰᠤᠨ᠎ᠡ᠂ ᠣᠷᠤᠰᠬᠠᠯ ᠣᠰᠤ ᠶᠢ ᠨᠢ ᠬᠠᠰᠢᠵᠤ ᠳᠦᠭᠦᠭᠡᠢ ᠮᠠᠲ᠋ᠸᠷᠢᠶᠠᠯ ᠳᠤ ᠭᠡᠷᠡᠭᠯᠡᠨ᠎ᠡ ᠁ ᠬᠤᠷᠤᠰᠤᠯ ᠶᠢᠡᠷ ᠶᠤᠤᠯᠠᠭᠰᠠᠨ ᠠᠭᠤᠯᠠᠰ ᠮᠢᠨᠢ ᠬᠠᠷᠠᠩᠭ᠋ᠤᠰᠤᠯ ᠶᠢᠡᠷ ᠠᠮᠢᠰᠬᠤᠵᠤ᠂ ᠬᠠᠷᠠᠭ᠎ᠠ ᠪᠠᠯᠠᠷᠠᠮᠠᠷ ᠣᠯᠠᠭᠠᠨ ᠳᠤᠭᠤᠰᠤ ᠪᠠᠷ ᠴᠤᠷᠭᠢᠨ᠎ᠠ ᠁   

ᠣᠯᠤᠰ ᠭᠡᠷ ᠤᠨ ᠭᠡᠷᠡᠭ᠍ᠴᠡᠭᠡ ᠡᠴᠠ ᠪᠣᠯᠤᠭᠰᠠᠨ ᠠᠭᠤᠷᠬᠠᠢ ᠶᠢᠨ ᠣᠢ᠌ᠯᠠᠰ ᠴᠤ ᠶᠠᠭᠠᠭᠢᠬᠤᠪ ︕ ᠭᠦᠮᠤᠨ ᠠᠷᠠᠤᠨ᠂ ᠨᠡᠢ᠌ᠭᠡᠮ ᠠᠬᠤᠢ ᠶᠢᠨ ᠱᠠᠭᠠᠷᠳᠠᠯᠭ᠎ᠠ ᠡᠴᠠ ᠪᠣᠯᠵᠤ᠂ ᠨᠢᠭᠡᠨ ᠳᠦᠷᠤᠯ ᠤᠨ ᠠᠵᠢᠯ ᠣᠢ᠌ᠯᠠᠰ ᠪᠣᠯᠵᠤ ᠭᠦᠭ᠍ᠵᠢᠨ᠎ᠡ᠃ ᠨᠡᠢ᠌ᠭᠡᠮ ᠨᠠᠢ᠌ᠳᠠ ᠶᠢᠨ ᠳᠤᠰᠠ ᠶᠢᠨ ᠲᠦᠯᠦᠭᠡ 《ᠪᠠᠶᠠᠨ ᠠᠭᠤᠯᠠ》 ᠨᠤᠳᠤᠭ ᠮᠠᠨᠢ ᠴᠤ ᠡᠨᠡ ᠨᠤᠳᠤᠭ ᠲᠤ ᠠᠮᠢᠳᠤᠷᠠᠵᠤ ᠢᠷᠡᠭ᠍ᠰᠡᠨ ᠳᠦᠭ᠌ ᠲᠦᠮᠡᠨ ᠪᠠᠭᠠᠷᠢᠠᠴᠤᠳ ᠲᠡᠶ ᠪᠠᠨ ᠠᠳᠠᠯᠢᠬᠠᠨ ᠥᠭ᠍‍ᠭᠢᠶᠡᠮᠦᠷᠴᠢ ᠪᠠᠢ᠌ᠵᠤ᠂ ᠥᠡᠳᠡᠢ᠌ᠭᠡᠳ ᠢᠷᠡᠭ᠍ᠰᠡᠨ ᠪᠦᠭᠦᠨ ᠤ ᠴᠥᠩᠭᠦ ᠶᠢ ᠳᠦᠭᠦᠷᠭᠡᠵᠤ᠂ ᠥᠭ᠍ᠳᠡᠭ᠌ ᠶᠢᠡᠨ ᠥᠭ᠍ᠴᠤ᠂ ᠱᠠᠩᠨᠠᠳᠠᠭ ᠶᠢᠡᠨ ᠱᠠᠩᠨᠠᠳᠠᠭ ᠪᠠᠢ᠌ᠯ᠎ᠠ᠃ ᠭᠡᠳᠡᠯ᠎ᠡ ᠣᠯᠤᠰ ᠭᠡᠷ᠂ ᠠᠷᠠᠤᠨ ᠲᠦᠮᠡᠨ ᠳᠤ ᠪᠠᠨ ᠠᠯᠢᠪᠠ ᠪᠠᠨ ᠡᠷᠭᠦᠭ᠍ᠰᠡᠨ ᠨᠤᠳᠤᠭ ᠮᠢᠨᠢ ᠣᠤᠭᠠᠯ ᠠᠯᠳᠠᠷ ᠶᠢᠡᠷ ᠶᠢᠡᠨ ᠲᠦᠮᠡᠨ ᠤ ᠴᠢᠭᠢᠨ ᠳᠤ ᠰᠤᠨᠤᠷᠳᠠᠭ᠎ᠠ ᠦᠭᠡᠶ᠂ ᠮᠢᠩᠭ᠋ᠠᠨ ᠤ ᠮᠠᠯᠮᠠᠢ ᠳᠤ ᠳᠤᠰᠤᠭ᠎ᠠ ᠦᠭᠡᠶ ᠨᠢ ᠬᠠᠷᠠᠮᠰᠠᠯᠳᠠᠢ ᠶᠤᠮ ︕ ᠬᠠᠷᠢ ᠦᠨᠳᠦᠰᠦᠳᠠᠨ ᠤ ᠬᠠᠯᠭᠠᠤ ᠣᠷᠴᠢᠭᠤᠯᠭ᠎ᠠ ᠡᠴᠠ ᠪᠣᠯᠤᠭᠠᠤᠨ ᠬᠠᠳᠠ ᠴᠢᠯᠠᠭᠤᠳ ᠲᠡᠶ ᠦᠴᠦᠭᠡᠨ ᠴᠤ ᠬᠤᠯᠪᠣᠭ᠎ᠠ ᠦᠭᠡᠶ 《ᠪᠠᠶᠠᠨ ᠨᠠᠭᠤᠷ》 (白音诺尔) ᠶ᠋ᠢᠡᠷ ᠨᠤᠳᠤᠭ ᠤᠨ ᠨᠠᠷᠠᠢ᠌ᠳᠤᠯ ᠪᠣᠯᠭᠠᠬᠤ ᠶᠢ ᠨᠢ ᠬᠠᠷᠠᠭᠠᠤᠨ ᠰᠡᠳᠭᠢᠯ ᠶᠠᠷᠤ ᠨᠢ ᠡᠪᠭᠦᠢᠷᠡᠭᠦ ᠶᠤᠮ᠃

ᠮᠤᠩᠭ᠋ᠤᠯᠴᠤᠳ ᠦᠷ᠎ᠡ ᠬᠡᠦᠬᠡᠳ ᠶᠢᠡᠨ 《ᠭᠦᠮᠤᠨ ᠤ ᠨᠤᠳᠤᠭ ᠲᠤ ᠶᠠᠪᠣᠬᠤ ᠳᠤ ᠪᠠᠨ ᠨᠤᠳᠤᠭ ᠤᠨ ᠨᠠᠷ᠎ᠠ ᠪᠠᠨ ᠪᠣᠤ ᠭᠤᠳᠤᠭ᠎ᠠ》 ᠭᠡᠵᠤ ᠰᠤᠷᠭᠠᠳᠠᠭ ᠪᠢᠰᠢᠤ ︖ ᠪᠢᠳᠠ ᠦᠪᠡᠷ ᠤᠨ ᠨᠤᠳᠤᠭ ᠲᠤ ᠪᠠᠨ ᠰᠠᠭᠤᠭᠠᠤᠨ ᠨᠤᠳᠤᠭ ᠤᠨ ᠶᠢᠡᠨ ᠠᠯᠳᠠᠷ ᠶᠢᠡᠨ ᠪᠣᠷᠤᠭᠤ ᠪᠠᠷ ᠡᠷᠭᠢᠭᠦᠯᠭᠦ ᠨᠢ ᠭᠡᠨ ᠤ ᠠᠯᠳᠠᠭ᠎ᠠ ︖ ᠳᠡᠭᠡᠳᠤ ᠡᠴᠠ ᠪᠠᠨ ᠰᠠᠭᠤᠷᠢᠰᠢᠭᠰᠠᠨ ᠪᠠᠶᠠᠨ ᠠᠭᠤᠯᠠ ᠶᠢᠨ ᠮᠠᠯᠴᠢᠳ ᠤᠨ ᠪᠣᠷᠤᠭᠤ ᠦᠦ ︖ ᠳᠦᠷᠤ ᠵᠠᠰᠠᠭ ᠲᠤ ᠠᠯᠪᠠᠯᠠᠳᠠᠭ ᠮᠤᠩᠭ᠋ᠤᠯ ᠨᠤᠶᠠᠤᠨ ᠤᠨ ᠣᠴᠢᠷ ᠦᠦ ︖ ᠨᠠᠭᠠᠳᠤ ᠵᠠᠬ᠎ᠠ ᠳᠤ ᠪᠠᠨ ᠮᠠᠨᠤᠰ ᠲᠤ 《ᠨᠠᠭᠤᠷ》 《ᠨᠢᠷᠤᠭᠤ》 ᠶ᠋ᠢ ᠢᠯᠭᠠᠳᠠᠭ ᠨᠣᠢ᠌ᠳᠠᠨ ᠣᠬᠠᠭᠠᠨ ᠪᠠᠢ᠌ᠵᠤ ᠪᠣᠯᠤᠨ᠎ᠠ ᠪᠠ ᠳ᠋ᠠ ︖ ᠴᠤᠬᠤᠮ ᠴᠤ 《ᠠᠭᠤᠯᠠᠨ ᠳᠡᠭᠡᠷ᠎ᠡ ᠵᠢᠭᠠᠰᠤ ᠳᠡᠵᠢᠭᠡᠭᠦ》 ᠭᠡᠭ᠍ᠴᠢ ᠡᠷᠳᠡᠨ ᠤ ᠥᠭᠡ ᠦᠨᠦᠳᠤᠷ ᠣᠨᠢᠭ᠎ᠠ ᠪᠠᠨ ᠣᠯᠤᠭᠰᠠᠨ ᠪᠣᠯᠤᠯᠳᠠᠢ ︕

ᠠᠢ ᠳ᠋ᠠ ︕ ᠪᠣᠷᠤᠭᠤ ᠪᠠᠷ ᠡᠷᠭᠢᠭ᠍ᠰᠡᠨ ᠨᠤᠳᠤᠭ ᠤᠨ ᠮᠠᠨᠢ ᠨᠠᠷᠠᠢ᠌ᠳᠤᠯ ᠮᠢᠨᠤ ︕


ᠵᠤᠬᠢᠶᠠᠭᠴᠢ ᠶᠢᠨ ᠬᠠ‍‌ᠶᠢᠭ ᠄ ᠵᠡᠭᠦᠨ ᠪᠠᠭᠠᠷᠢᠨ

ᠵᠤᠬᠢᠶᠠᠭᠴᠢ᠄ ᠪᠠᠶᠠᠭᠤᠳ ᠰᠦᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6163
ᠴᠠᠭ᠄ 2011 ᠤᠨ ᠤ 11 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ