ᠨᠡᠪᠲᠡᠷᠡᠨ ᠤᠷᠤᠬᠤ
ᠮᠢᠨᠤ ᠨᠤᠳᠤᠭ ᠤᠨ ᠳᠤᠪᠣᠭ ᠤᠳ (ᠪᠢᠴᠢᠯ ᠨᠠᠢ᠌ᠷᠠᠭᠤᠯᠤᠯ)

ᠳᠤᠪᠣᠭ ᠭᠡᠵᠤ ᠠᠭᠤᠯᠠ ᠡᠴᠡ ᠵᠢᠭᠠᠬᠠᠨ ᠪᠣᠭᠤᠨᠢᠪᠳᠠᠷ ᠳᠤᠪᠣ ᠡᠴᠡ ᠪᠠᠭ᠎ᠠ ᠯᠠ ᠥᠡᠳᠦᠷᠭᠡᠨ᠂ ᠨᠠᠮᠬᠠᠨ ᠣᠷᠤᠢ ᠨᠤᠭᠤᠳ ᠢ ᠭᠡᠯᠡᠳᠡᠭ᠌᠃

ᠮᠠᠨ ᠤ ᠪᠠᠷᠢᠭᠠᠳᠠ (ᠣᠳᠤ ᠭᠠᠴᠠᠭ᠎ᠠ ᠭᠡᠵᠤ ᠳᠠᠭᠤᠳᠠᠵᠤ ᠪᠣᠢ᠂ ᠰᠢᠯᠢ ᠶᠢᠨ ᠭᠤᠤᠯ ᠠᠢ᠌ᠮᠠᠭ ᠤᠨ ᠵᠡᠭᠦᠨ ᠦᠵᠦᠮᠤᠴᠢᠨ ᠬᠤᠰᠢᠭᠤᠨ ᠤ ᠳᠠᠭᠤᠳᠤᠨᠠᠭᠤᠷ ᠪᠠᠯᠭᠠᠰᠤᠨ ᠤ ᠳᠠᠭᠤᠳᠤᠨᠠᠭᠤᠷ ᠭᠠᠴᠠᠭ᠎ᠠ) ᠵᠢᠨ ᠨᠤᠳᠤᠭ ᠲᠤ ᠣᠯᠠᠨ ᠳᠤᠪᠣᠭ ᠤᠳ ᠪᠠᠢ᠌ᠳᠠᠭ᠃ ᠡ᠊ᠨᠳᠡ ᠡᠳᠡᠭᠡᠷ ᠤᠨ ᠨᠠᠷ᠎ᠠ ᠶᠢ ᠳᠡᠮᠳᠡᠭᠯᠡᠨ ᠳᠤᠷᠠᠳᠪᠠᠯ᠄ ᠴᠠᠭᠠᠨ ᠳᠤᠪᠣᠭ᠂ ᠳᠠᠯᠠᠯᠭᠠᠨ ᠳᠤᠪᠣᠭ᠂ ᠭᠡᠢ ᠳᠤᠪᠣᠭ᠂ ᠦᠰᠦᠳᠤ ᠳᠤᠪᠣᠭ᠂ ᠡᠯᠵᠢᠭᠡᠨ ᠳᠤᠪᠣᠭ᠂ ᠭᠢᠯᠵᠢᠷ ᠤᠨ ᠳᠤᠪᠣᠭ᠂ ᠪᠠᠢ᠌ᠭᠠᠴᠢ ᠶᠢᠨ ᠳᠤᠪᠣᠭ᠃

ᠡᠳᠡᠭᠡᠷ ᠳᠤᠪᠣᠭ ᠤᠳ ᠪᠣᠯ ᠮᠢᠨᠤ ᠪᠠᠭ᠎ᠠ ᠶᠢᠨ ᠦᠶ᠎ᠡ ᠶᠢᠨ ᠨᠠᠭᠠᠳᠴᠤ ᠳᠤᠭᠯᠠᠵᠤ ᠶᠠᠪᠣᠭᠰᠠᠨ ᠳᠤᠪᠣᠭ ᠤᠳ᠃ ᠮᠦᠨᠴᠤ ᠮᠢᠨᠤ ᠡᠪᠦᠭᠡ ᠳᠡᠭᠡᠳᠦᠭᠦᠯ ᠤᠨ ᠣᠷᠤᠰᠢᠵᠤ ᠳᠤᠭᠳᠠᠨᠢᠵᠤ ᠠᠮᠢᠳᠤᠷᠠᠵᠤ ᠣᠷᠤᠩᠨᠠᠵᠤ ᠢᠷᠡᠭ᠍ᠰᠡᠨ ᠭᠠᠵᠠᠷ ᠤᠳ᠃

ᠪᠢ ᠦᠨᠦ ᠨᠤᠳᠤᠭ ᠡᠴᠡ ᠪᠠᠨ ᠰᠠᠯᠵᠤ ᠭᠠᠷᠴᠤ ᠢᠷᠡᠭᠡᠳ ᠨᠢᠭᠡᠨᠲᠡ ᠭᠤᠴᠢᠭᠠᠤᠨ ᠵᠢᠯ ᠪᠣᠯᠪᠠ᠃ ᠭᠡᠰᠡᠨ ᠴᠤ ᠨᠤᠳᠤᠭ ᠤᠨ ᠮᠢᠨᠢ ᠡᠳᠡᠭᠡᠷ ᠳᠤᠪᠣᠭ ᠤᠳ ᠨᠠᠳᠠ ᠭᠡᠵᠢᠶᠡᠳᠡ ᠳᠤᠷᠠᠰᠤᠭᠳᠠᠵᠤ᠂ ᠨᠠᠷ᠎ᠠ ᠣᠰᠤ ᠵᠢᠰᠤ ᠳᠦᠷᠭᠦ ᠲᠡᠶ ᠪᠠᠨ ᠴᠤᠭ ᠪᠣᠳᠤᠯ ᠰᠡᠳᠭᠢᠯ ᠳᠤ ᠮᠢᠨᠢ ᠣᠷᠤᠭᠠᠤᠨ ᠯᠠ᠂   ᠲ᠋ᠤᠳᠤᠷᠠᠭᠠᠤᠨ ᠯᠠ ᠪᠠᠢ᠌ᠬᠤ ᠶᠤᠮ ᠡ︕ ᠠᠯᠢ ᠳᠤᠪᠣᠭ ᠨᠢ ᠶᠠᠮᠠᠷ᠂ ᠠᠯᠢ ᠳᠤᠪᠣᠭ ᠨᠢ ᠬᠠᠮᠢᠭ᠎ᠠ ᠪᠠᠢ᠌ᠳᠠᠭ᠂ ᠠᠯᠢ ᠳᠤᠪᠣᠭ ᠶᠢᠡᠷ ᠨᠢ ᠭᠡᠨ ᠤ ᠭᠡᠨ ᠤ ᠭᠢ ᠰᠠᠭᠤᠳᠠᠭ᠂ ᠮᠠᠨ ᠤ ᠭᠢ ᠠᠯᠢ ᠳᠤᠪᠣᠭ ᠶᠢᠡᠷ ᠨᠢ ᠭᠤᠤᠯᠳᠠᠭᠤ ᠰᠠᠭᠤᠳᠠᠭ᠂ ᠪᠢᠳᠠ ᠡᠳᠡᠭᠡᠷ ᠳᠤᠪᠣᠭ ᠲᠤ ᠭᠡᠷᠭᠢᠨ ᠠᠪᠠᠷᠢᠵᠤ ᠮᠠᠴᠤᠨ ᠣᠷᠤᠢ ᠳᠤ ᠨᠢ ᠭᠠᠷᠴᠤ ᠶᠠᠭᠠᠭᠢᠵᠤ ᠨᠠᠭᠠᠳᠴᠤ ᠳᠤᠭᠯᠠᠵᠤ ᠪᠠᠢ᠌ᠭᠰᠠ ᠭᠡᠭᠦ ᠵᠡᠷᠭᠡ ᠴᠦᠮ ᠠᠯᠠᠭ ᠬᠤᠶᠠᠷ ᠨᠢᠳᠤᠨ ᠳᠤ ᠮᠢᠨᠢ ᠠᠩᠬᠠᠨ ᠤ ᠶᠠᠩᠵᠤ ᠪᠠᠷ ᠶᠢᠡᠨ ᠢᠪ ᠢᠯᠡᠭᠡᠨ ᠢᠯᠡᠷᠡᠭᠡᠳ ᠯᠠ᠂ ᠬᠠᠷᠠᠭᠳᠠᠭᠠᠤᠨ ᠯᠠ ᠪᠠᠢ᠌ᠬᠤ ᠶᠤᠮ ᠡ︕

ᠬᠠᠶᠠ ᠳᠠᠭᠠᠨ ᠪᠠᠰᠠ ᠨᠤᠳᠤᠭ ᠤᠨ ᠮᠢᠨᠢ ᠭᠦᠮᠦᠰ ᠡᠳᠡᠭᠡᠷ ᠳᠤᠪᠣᠭ ᠤᠨ ᠶᠢᠡᠨ ᠨᠠᠷ᠎ᠠ ᠶᠢ ᠮᠠᠳᠠᠵᠤ ᠴᠡᠭᠡᠵᠢᠯᠡᠵᠤ ᠪᠠᠢ᠌ᠭ᠎ᠠ ᠪᠣᠯ ᠦᠦ︖ ᠬᠡᠦᠬᠡᠳ ᠦᠷᠠᠰ ᠲᠡᠭᠡᠨ ᠭᠡᠯᠡᠵᠤ ᠵᠢᠭᠠᠵᠤ ᠥᠭ᠍ᠴᠤ ᠪᠠᠢ᠌ᠭ᠎ᠠ ᠪᠣᠯ ᠦᠦ︖ ᠁ ᠭᠡᠭᠦ ᠵᠡᠷᠭᠡ ᠪᠠᠷ ᠴᠤ ᠪᠣᠳᠤᠬᠤ ᠶᠤᠮ ᠡ︕ ᠁

ᠬᠡᠦᠬᠡᠳ ᠤᠳ ᠮᠢᠨᠢ ᠡᠷᠳᠡ ᠳᠡᠭᠡᠳᠤ ᠶᠢᠨ ᠶᠢᠡᠨ ᠨᠤᠳᠤᠭ ᠣᠰᠤ᠂ ᠭᠠᠵᠠᠷ ᠣᠷᠤᠨ ᠢ ᠮᠠᠳᠠᠵᠤ ᠳᠠᠨᠢᠵᠤ᠂ ᠨᠠᠷ᠎ᠠ ᠣᠰᠤ ᠶᠢ ᠨᠢ ᠴᠡᠭᠡᠵᠢᠯᠡᠵᠤ ᠳᠤᠭᠳᠠᠭᠠᠵᠤ ᠶᠠᠪᠣᠭᠠᠷᠠᠢ︕ ᠡᠨᠡ ᠪᠣᠯ ᠪᠠᠰᠠ ᠨᠢᠭᠡᠨ ᠳᠠᠯ᠎ᠠ ᠶᠢᠨ ᠮᠡᠳᠡᠯᠭᠡ ᠰᠢᠤ ᠭᠡᠵᠤ ᠭᠡᠯᠡᠮᠡᠷ ᠰᠠᠨᠠᠭᠳᠠᠬᠤ ᠶᠤᠮ ᠡ︕

ᠥᠨᠡᠭᠡᠷ ᠰᠢᠤ︕ ᠬᠡᠦᠬᠡᠳ ᠤᠳ ᠮᠢᠨᠢ ᠡᠷᠳᠡ ᠳᠡᠭᠡᠳᠤ ᠶᠢᠨ ᠶᠢᠡᠨ ᠨᠤᠳᠤᠭ ᠣᠰᠤ᠂ ᠭᠠᠵᠠᠷ ᠣᠷᠤᠨ ᠢ ᠮᠠᠳᠠᠵᠤ ᠳᠠᠨᠢᠵᠤ᠂ ᠨᠠᠷ᠎ᠠ ᠣᠰᠤ ᠶᠢ ᠨᠢ ᠴᠡᠭᠡᠵᠢᠯᠡᠵᠤ ᠳᠤᠭᠳᠠᠭᠠᠵᠤ ᠶᠠᠪᠣᠭᠠᠷᠠᠢ︕ ᠡᠨᠡ ᠪᠣᠯ ᠪᠠᠰᠠ ᠨᠢᠭᠡᠨ ᠳᠠᠯ᠎ᠠ ᠶᠢᠨ ᠮᠡᠳᠡᠯᠭᠡ ᠰᠢᠤ ︕ ᠪᠢᠳᠡᠭᠡᠢ ᠯᠠ ᠮᠠᠷᠳᠠᠵᠤ ᠭᠡᠭᠡᠵᠤ ᠣᠷᠭᠢᠭᠠᠷᠠᠢ︕


          2010.10.31 ᠊ᠤ ᠦᠳᠡ ᠳᠤ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6164
ᠴᠠᠭ᠄ 2010 ᠤᠨ ᠤ 11 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ