ᠨᠡᠪᠲᠡᠷᠡᠨ ᠤᠷᠤᠬᠤ
ᠬᠠᠢ᠌ᠷ᠎ᠠ ᠶᠢᠨ ᠦᠨᠳᠦᠷ

ᠬᠤᠯᠠ ᠶᠢᠨ ᠴᠡᠩᠭᠡᠷ ᠭᠦᠰᠡᠯ ᠢ

ᠢᠳᠡᠭᠡᠯ ᠤᠨ ᠨᠠᠷᠠ ᠪᠠᠷ ᠳᠤᠶᠠᠭᠠᠷᠠᠭᠤᠯᠵᠤ

ᠬᠤᠨᠤᠭ ᠊ᠤᠨ ᠶᠠᠭᠠᠨ ᠵᠡᠭᠦᠳᠤ ᠵᠢ

ᠢᠩᠭᠡᠨ ᠪᠣᠢ᠌ᠯᠠᠭ᠎ᠠ ᠪᠠᠷ ᠣᠶᠠᠷᠠᠭᠤᠯᠤᠭᠰᠠᠨ

ᠬᠤᠷᠤᠬᠠᠢ ᠲᠡᠶ ᠨᠢᠳᠤ ᠶᠢ ᠪᠠᠯᠴᠢᠭᠦᠯᠵᠤ

ᠬᠤᠪᠳᠤᠯ ᠤᠨ ᠭᠦᠨ ᠳᠤ ᠵᠤᠰᠠᠭᠰᠠᠨ

ᠬᠤᠷᠢᠨ ᠨᠠᠰᠤᠨ ᠤᠨ ᠨᠠᠮᠤᠷ ᠳᠤ

ᠬᠤᠵᠢᠮᠳᠠᠵᠤ ᠢᠷᠡᠭᠡ ᠬᠠᠢ᠌ᠷ᠎ᠠ ᠮᠢᠨᠢ

ᠥᠤᠷ ᠢ ᠴᠠᠢ᠌ᠯᠭᠠᠮ᠎ᠠ ᠰᠠᠤᠠᠭᠢᠯ ᠳᠤ ᠴᠢᠨᠢ

ᠥᠷᠯᠦᠭᠡᠨ ᠤ ᠠᠭᠠᠷ ᠰᠢᠭ ᠰᠠᠨᠠᠭ᠎ᠠ ᠠᠷᠢᠭᠤᠰᠠᠨ

ᠡᠭᠦᠯᠡ ᠢᠷᠠᠭᠳᠠᠮ᠎ᠠ ᠢᠨᠢᠶᠠᠳᠤᠨ ᠳᠤ ᠴᠢᠨᠢ

ᠦᠨᠡᠨ ᠬᠠᠢ᠌ᠷ᠎ᠠ ᠶᠢᠨ ᠪᠣᠳᠤᠯ ᠠᠯᠳᠠᠷᠠᠨ

ᠳᠡᠭ᠍ᠵᠢᠨ ᠬᠤᠩᠭ᠋ᠤᠷ ᠠᠭᠠᠰᠢ ᠳᠠᠢ

ᠳᠡᠯᠭᠡᠷ ᠨᠠᠰᠤᠨ ᠤ ᠰᠤᠷ ᠢ ᠢᠯᠪᠢᠨ

ᠳᠡᠭ᠍ᠳᠡᠭᠦ ᠴᠤᠯᠭᠢᠨ ᠵᠠᠩ ᠳᠠᠢ

ᠳᠡᠪᠠᠷᠡᠭᠦᠤ ᠭᠦᠰᠡᠯ ᠤᠨ ᠰᠦᠷ ᠢ ᠢᠪᠠᠭᠡᠭ᠍ᠰᠡᠨ

ᠬᠠᠢ᠌ᠷᠠᠳᠠᠢ ᠴᠢᠨᠤ ᠬᠠᠷᠠᠴᠠᠨ ᠡᠴᠡ

ᠬᠠᠨᠢ ᠶᠢᠨ ᠵᠠᠶᠠᠭ᠎ᠠ ᠭᠦᠰᠡᠵᠤ ᠪᠢᠯᠠ

ᠬᠠᠯᠠᠭᠤᠨ ᠰᠠᠤᠠᠭᠢᠯ ᠤᠨ ᠣᠭ ᠡᠴᠡ ᠪᠠᠨ

ᠬᠠᠨᠢᠯᠠᠵᠤ ᠶᠠᠪᠣᠬᠤ ᠶᠢ ᠳᠤᠷᠠᠯᠠᠵᠤ ᠪᠢᠯᠠ᠃

ᠣᠷᠤᠭ᠎ᠠ ᠭᠦᠰᠡᠯ ᠢ ᠬᠠᠵᠠᠭᠠᠷᠯᠠᠭᠰᠠᠨ

ᠣᠢ ᠶᠢᠨ ᠳᠠᠩᠭᠢᠯ ᠰᠤᠭᠤ ᠴᠢ ᠪᠠᠢ᠌ᠯ᠎ᠠ

ᠣᠩᠭ᠋ᠤᠨ ᠬᠠᠢ᠌ᠷ᠎ᠠ ᠶᠢ ᠣᠭᠤᠰᠤᠷᠯᠠᠭᠰᠠᠨ

ᠣᠭᠤᠭ᠎ᠠ ᠭᠠᠩᠭ᠋ᠠᠩ ᠭᠡᠦᠭᠡᠨ ᠴᠢ ᠪᠠᠢ᠌ᠯ᠎ᠠ

ᠳᠠᠷᠠ ᠯᠠ ᠴᠠᠭ ᠡᠴᠡ ᠮᠢᠨᠤ ᠬᠠᠢ᠌ᠷ᠎ᠠ

ᠴᠢᠨᠤ ᠳᠦᠯᠦᠭᠡ ᠣᠠᠳᠤᠷᠳᠠᠭ ᠪᠣᠯᠵᠠᠢ

ᠳᠠᠷᠰᠯᠠᠵᠤ ᠪᠣᠴᠠᠬᠤ ᠶᠢᠨ ᠰᠠᠨᠠᠭ᠎ᠠ ᠥᠭᠡᠢ

ᠴᠡᠯᠮᠡᠭ᠌ ᠣᠬᠠᠭᠠᠨ ᠶᠢᠡᠷ ᠣᠷᠭᠤᠳᠠᠭ ᠪᠣᠯᠵᠠᠢ᠃

ᠬᠠᠷᠢᠨ ᠳᠡᠭᠡᠭᠦ ᠳᠤ ᠵᠠᠷᠢᠮ ᠳᠠᠭᠠᠨ ᠴᠢ

ᠬᠠᠳᠠᠭᠤ ᠴᠤ ᠳᠤᠭᠯᠠᠭᠠᠮ ᠭᠠᠷᠭᠠᠳᠠᠭ ᠪᠠᠢ᠌ᠵᠠᠢ

ᠬᠤᠩᠭ᠋ᠤᠷ ᠭᠡᠨᠡᠨ ᠰᠠᠤᠠᠭᠢᠯ ᠶᠢᠡᠷ ᠳᠤᠭᠯᠠᠨ

ᠬᠤᠭᠤᠰᠬᠠᠨ ᠨᠣᠢ᠌ᠷ ᠲᠡᠶ ᠶᠠᠪᠣᠭᠤᠯᠳᠠᠭ ᠪᠠᠢ᠌ᠵᠠᠢ᠃

ᠵᠢᠷᠦᠭᠡᠨ ᠳᠤ ᠪᠠᠭᠳᠠᠮ᠎ᠠ ᠪᠠᠶ᠎ᠠ ᠴᠢᠨᠢ

ᠵᠡᠭᠦᠳᠤᠨ ᠳᠤ ᠪᠠᠭᠤᠮ᠎ᠠ ᠳᠠᠭᠤᠤ ᠰᠢᠭ ᠭᠢᠯᠠᠰᠴᠤ

ᠭᠦᠰᠡᠯ ᠳᠤ ᠨᠤᠴᠤᠮ᠎ᠠ ᠬᠠᠢ᠌ᠷ᠎ᠠ ᠴᠢᠨᠢ

ᠭᠡᠦᠭᠡᠨ ᠪᠠᠶ᠎ᠠ ᠶᠢ ᠳᠠᠩᠰᠢᠳᠠᠯ᠎ᠠ ᠣᠶᠠᠰᠬᠠᠭᠰᠠᠨ

ᠳᠤᠤᠯᠢᠮ᠎ᠠ ᠬᠤᠷᠸ᠎ᠠ ᠳᠤ ᠭᠠᠭᠴᠠᠬᠠᠨ ᠣᠯᠳᠠᠮ᠎ᠠ

ᠳᠤᠷᠠᠯᠠᠯ ᠬᠠᠢ᠌ᠷᠠᠯᠠᠭᠰᠠᠨ ᠰᠠᠤᠠᠭᠢᠯ ᠴᠤ ᠪᠢᠯᠠ ᠦᠦ︖

ᠳᠠᠭᠤᠤ ᠳᠠᠭᠠᠨ ᠪᠣᠯᠪᠠᠯ ᠰᠢᠩᠭᠡᠴᠢᠭᠡᠮ᠎ᠡ

ᠳᠤᠷᠠᠤᠠᠬᠠᠯ ᠤᠨ ᠴᠡᠩᠭᠡᠷ ᠬᠠᠶ‍ᠢᠭ ᠴᠤ ᠪᠢᠯᠠ ᠦᠦ︖

ᠰᠠᠷᠠᠨ ᠤ ᠳᠤᠤᠷᠠᠭᠢ ᠬᠤᠷᠸ᠎ᠠ ᠳᠤ

ᠳᠠᠭᠤᠯᠠᠵᠤ ᠶᠠᠪᠣᠬᠤ ᠳᠠᠭᠤᠤ ᠴᠤ ᠪᠢᠯᠠ ᠦᠦ︖

ᠰᠠᠨᠠᠭᠠᠨ ᠤ ᠭᠦᠨ ᠳᠤ ᠮᠤᠠᠴᠤᠭᠯᠠᠭᠰᠠᠨ

ᠳᠤᠷᠠᠨ ᠬᠠᠢ᠌ᠷ᠎ᠠ ᠶᠢᠨ ᠳᠤᠮᠤᠭ ᠴᠤ ᠪᠢᠯᠠ ᠦᠦ︖

ᠳᠡᠯᠡᠭᠡᠢ ᠡᠵᠢ ᠶᠢᠨ ᠡᠪᠦᠷ ᠲᠤ ᠮᠥᠰᠢᠶᠡᠭᠦ

ᠳᠡᠯᠭᠡᠷ ᠮᠤᠩᠭ᠋ᠤᠯ ᠨᠠᠢ᠌ᠷᠠᠭ ᠤᠨ ᠭᠡᠦᠭᠡᠨ

ᠳᠡᠩᠳᠡᠭᠦᠤ ᠡᠮᠵᠡᠭ᠍‍ᠭᠡᠨ ᠬᠠᠢ᠌ᠷ᠎ᠠ ᠶᠢᠨ ᠬᠤᠨ ᠤ

ᠳᠠᠪᠠᠷᠢᠵᠤ ᠭᠦᠷᠦᠮ᠎ᠡ ᠦᠭᠡᠶ ᠣᠩᠭ᠋ᠤᠨ ᠣᠷᠭᠢᠯ

ᠢᠨᠢᠶᠠᠵᠤ ᠢᠷᠡᠭᠦ ᠮᠠᠷᠭᠠᠰᠢ ᠶᠢᠨ

ᠢᠳᠡᠭᠡᠯ ᠳᠦᠰᠢᠭ᠍ᠰᠡᠨ ᠨᠠᠷᠠ ᠪᠢᠯᠠ

ᠶᠡᠭᠡ ᠣᠢ᠌ᠯᠠᠰ ᠢ ᠵᠢᠭᠦᠷᠯᠡᠭ᠍ᠰᠡᠨ

ᠢᠷᠮᠡᠭᠦᠨ ᠭᠦᠰᠡᠯ ᠤᠨ ᠳᠤᠭ ᠪᠢᠯᠠ ᠡ᠃

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3517
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ