ᠨᠡᠪᠲᠡᠷᠡᠨ ᠤᠷᠤᠬᠤ
ᠪᠣᠷᠤᠭᠠᠨ ᠵᠥᠭᠡᠯᠡᠨ ᠰᠢᠪᠠᠷᠠᠨ᠎ᠠ

ᠪᠦᠷ ᠪᠦᠷ ᠪᠠᠭᠤᠭᠰᠠᠨ ᠪᠣᠷᠤᠭᠠᠨ ᠢ ᠴᠢᠩᠨᠠᠵᠤ

ᠪᠣᠳᠤᠯ ᠳᠤ ᠪᠠᠨ ᠳᠠᠷᠤᠭᠳᠠᠭᠰᠠᠨ ᠪᠢ ᠣᠢ᠌ᠤᠠᠬᠠᠷ ᠲᠡᠶ

ᠰᠢᠪᠠᠷ ᠰᠢᠪᠠᠷ ᠱᠠᠭᠢᠭᠰᠠᠨ ᠬᠤᠷ᠎ᠠ ᠲᠡᠶ ᠦᠳᠡᠰᠢ

ᠰᠡᠳᠭᠢᠯ ᠤᠨ ᠴᠢᠮ᠎ᠠ ᠪᠠᠨ ᠥᠭᠡᠢ᠌ᠯᠡᠭᠡᠳ ᠪᠢ ᠭᠤᠨᠢᠭᠯᠠᠯ ᠲᠡᠶ


ᠭᠠᠩᠭ᠋ᠠᠷ ᠭᠤᠩᠭ᠋ᠤᠷ ᠳᠤᠤᠭᠠᠷᠤᠨ ᠪᠣᠴᠠᠭᠰᠠᠨ

ᠭᠠᠯᠠᠭᠤ ᠰᠢᠪᠠᠭᠤ ᠰᠦᠷᠦᠭ᠌ ᠶᠢᠡᠷ ᠶᠢᠡᠨ ᠪᠣᠯ ᠵᠢᠷᠭᠠᠯ ᠲᠡᠶ

ᠭᠠᠩᠳᠠᠭᠰᠠᠨ ᠰᠡᠳᠭᠢᠯ ᠢ ᠮᠢᠨᠢ ᠬᠠᠢ᠌ᠷ᠎ᠠ ᠪᠠᠷ ᠣᠮᠳᠠᠯᠠᠭᠰᠠᠨ

ᠭᠠᠭᠴᠠᠬᠠᠨ ᠴᠢᠮᠢ᠋ᠢ ᠪᠠᠨ ᠳᠤᠷᠠᠰᠤᠨ ᠰᠠᠭᠤᠬᠤ ᠪᠠᠷ ᠪᠢ ᠵᠢᠷᠭᠠᠯ ᠲᠡᠶ


ᠠᠯᠳᠠᠨ ᠨᠠᠮᠤᠷ ᠤᠨ ᠰᠡᠭᠦᠯᠴᠢ ᠶᠢᠨ ᠬᠤᠷ᠎ᠠ ᠵᠥᠭᠡᠯᠡᠨ ᠰᠢᠪᠠᠷᠡᠭᠡᠳ ᠪᠠᠢ᠌ᠨ᠎ᠠ

ᠠᠷᠢᠭᠤᠨ ᠳᠡᠯᠡᠭᠡᠢ ᠳᠤ ᠬᠤᠩᠭ᠋ᠤᠷ ᠴᠢᠮ᠎ᠠ ᠪᠠᠨ ᠭᠦᠰᠡᠨ ᠰᠠᠨᠠᠭᠠᠤᠨ ᠪᠠᠢ᠌ᠨ᠎ᠠ

ᠵᠢᠷᠦᠭᠡ ᠠᠮᠢᠯᠠᠮᠠᠷ ᠬᠠᠯᠠᠭᠤᠨ ᠬᠠᠢ᠌ᠷ᠎ᠠ ᠪᠠᠨ ᠴᠢᠭᠡᠵᠢᠨ ᠳᠤ ᠴᠢᠨᠢ ᠰᠢᠪᠠᠨᠠᠨ ᠪᠠᠢ᠌ᠨ᠎ᠠ

ᠵᠥᠭᠡᠯᠡᠨ ᠦᠨᠦᠰᠤᠯ ᠳᠤ ᠴᠢᠨᠢ ᠨᠠᠰᠤ ᠪᠠᠷ ᠶᠢᠡᠨ ᠪᠢ ᠵᠢᠷᠭᠠᠮᠠᠷ ᠪᠠᠢ᠌ᠨ᠎ᠠ


ᠣᠷᠣᠢ᠌ᠳᠤᠭᠰᠠᠨ ᠪᠣᠷᠤᠭ᠎ᠠ ᠨᠠᠮᠤᠷ ᠤᠨ ᠨᠠᠮᠤᠷ ᠶᠢᠡᠷ ᠰᠢᠪᠠᠷᠡᠭᠡᠳ ᠪᠠᠢ᠌ᠨ᠎ᠠ

ᠣᠷᠣᠢ᠌ᠳᠤᠭᠰᠠᠨ ᠬᠠᠢ᠌ᠷ᠎ᠠ ᠴᠢᠨᠢ ᠰᠡᠳᠭᠢᠯ ᠢ ᠮᠢᠨᠢ ᠡᠵᠡᠮᠳᠡᠭᠡᠳ ᠪᠠᠢ᠌ᠨ᠎ᠠ

ᠨᠠᠮᠤᠷ ᠤᠨ ᠪᠣᠷᠤᠭ᠎ᠠ ᠴᠤ ᠳᠡᠯᠡᠭᠡᠢ ᠶᠢ ᠣᠮᠳᠠᠯᠠᠨ ᠱᠠᠭᠢᠭᠠᠤᠨ ᠪᠠᠢ᠌ᠨ᠎ᠠ

ᠨᠠᠮᠢ᠋ᠢ ᠪᠠᠨ ᠭᠡᠰᠡᠨ ᠴᠢᠨᠤ ᠬᠠᠢ᠌ᠷ᠎ᠠ ᠳᠤ ᠴᠢᠨᠢ ᠪᠢ ᠳᠦᠷᠡᠯᠵᠡᠭᠡᠳ ᠪᠠᠢ᠌ᠨ᠎ᠠ


ᠰᠢᠪᠠᠷᠡᠭᠦᠨ ᠪᠣᠷᠤᠭᠠᠨ ᠢ ᠰᠤᠨᠢᠷᠬᠠᠨ ᠮᠡᠯᠡᠷᠡᠭᠡᠳ

ᠰᠡᠳᠭᠢᠯ ᠳᠤ ᠬᠤᠨᠤᠭᠰᠢᠭᠰᠠᠨ ᠴᠢᠮ᠎ᠠ ᠪᠠᠨ ᠰᠠᠨᠠᠬᠤ ᠳᠤᠷᠠᠳᠠᠢ ᠪᠢ

ᠣᠬᠤᠷ ᠴᠢᠮᠡᠭᠡ ᠶᠢ ᠴᠢᠨᠢ ᠠᠮᠳᠠᠷᠬᠠᠨ ᠣᠩᠰᠢᠭᠠᠤᠨ

ᠣᠢ᠌ᠤᠠᠬᠠᠷᠯᠠᠨ ᠭᠤᠨᠢᠭᠯᠠᠵᠤ ᠭᠠᠭᠴᠠᠭᠠᠷᠳᠠᠨ ᠰᠠᠭᠤᠬᠤ ᠳᠤᠷᠠᠳᠠᠢ ᠪᠢ


ᠪᠦᠷ ᠪᠦᠷ ᠪᠠᠭᠤᠭᠰᠠᠨ ᠪᠣᠷᠤᠭᠠᠨ ᠤ ᠳᠤᠮᠳᠠ

ᠪᠣᠳᠤᠯ ᠳᠠᠭᠠᠨ ᠳᠠᠷᠤᠭᠳᠠᠭᠰᠠᠨ ᠴᠤ ᠪᠢ ᠵᠢᠷᠭᠠᠯ ᠲᠡᠶ

ᠰᠠᠯᠤᠭᠠᠤᠨ ᠶᠠᠪᠣᠭᠰᠠᠨ ᠴᠤᠣᠴᠠᠷᠠᠬᠤ ᠪᠠᠨ ᠢᠷᠦᠭᠡᠳᠡᠭ᠌

ᠰᠡᠳᠭᠢᠯ ᠤᠨ ᠬᠤᠩᠭ᠋ᠤᠷ ᠶᠢᠡᠨ ᠨᠢᠭᠤᠭᠰᠠᠨ ᠪᠢ ᠵᠢᠷᠭᠠᠯ ᠲᠡᠶ


ᠪᠣᠷᠤᠭ᠎ᠠ ᠵᠥᠭᠡᠯᠡᠨ ᠶᠢᠡᠷ ᠰᠢᠪᠠᠷᠡᠭᠡᠳ ᠪᠠᠢ᠌ᠨ᠎ᠠ

ᠪᠦᠰᠡᠭᠦᠢ ᠮᠢᠨᠢ ᠨᠢᠯᠪᠣᠰᠤ ᠲᠡᠶ ᠬᠠᠮᠳᠤ ᠳᠤᠰᠤᠯᠭᠠᠤᠨ ᠪᠠᠢ᠌ᠨ᠎ᠠ

ᠳᠤᠭᠤᠯᠠᠩ ᠨᠢᠯᠪᠣᠰᠤ ᠲᠡᠶ ᠴᠤ ᠢᠨᠢᠶᠡᠭᠦ ᠪᠠᠨ ᠪᠢ ᠪᠠᠯᠡᠭᠡᠯᠡᠭᠡᠳ ᠪᠠᠢ᠌ᠨ᠎ᠠ

ᠲᠦᠮᠡᠨ ᠤ ᠭᠠᠵᠠᠷ ᠡᠴᠡ ᠴᠢᠮ᠎ᠠ ᠪᠠᠨ ᠰᠠᠨᠠᠭᠠᠤᠨ ᠡᠨᠡᠭ᠍ᠰᠢᠷᠡᠨ ᠪᠠᠢ᠌ᠨ᠎ᠠ


ᠬᠠᠢ᠌ᠷ᠎ᠠ ᠣᠠᠳᠤᠷᠠᠬᠤ ᠬᠠᠷᠠᠴᠠ ᠪᠠᠷ ᠶᠢᠡᠨ ᠴᠢᠮ᠎ᠠ ᠪᠠᠨ ᠰᠢᠳᠠᠭᠠᠮᠠᠷ ᠪᠠᠢ᠌ᠨ᠎ᠠ

ᠬᠠᠮᠤᠭ ᠪᠠᠶ᠎ᠠ ᠪᠠᠨ ᠬᠠᠷᠮᠠᠨᠠᠯ ᠦᠭᠡᠶ ᠴᠢᠮ᠎ᠠ ᠳᠠᠭᠠᠨ ᠳᠤᠰᠢᠶᠠᠭᠠᠤᠨ ᠪᠠᠢ᠌ᠨ᠎ᠠ

ᠬᠠᠯᠠᠭᠤ ᠣᠷᠭᠢᠯᠤᠭᠰᠠᠨ ᠬᠠᠢ᠌ᠷᠠᠨ ᠳᠤ ᠴᠢᠨᠢ ᠪᠢ ᠨᠢᠯᠬᠠᠷᠮᠠᠷ ᠪᠠᠢ᠌ᠨ᠎ᠠ

ᠬᠠᠢ᠌ᠷ᠎ᠠ ᠶᠢ ᠴᠢᠨᠢ ᠠᠮᠢᠰᠬᠤᠭ᠎ᠠ ᠭᠦᠷᠳᠡᠯ᠎ᠡ ᠪᠠᠨ ᠮᠡᠳᠡᠷᠡᠭᠡᠳ ᠪᠠᠢ᠌ᠨ᠎ᠠ


ᠨᠢᠳᠤ ᠪᠠᠨ ᠠᠨᠢᠭᠠᠤᠨ ᠬᠠᠴᠠᠷ ᠶᠢᠡᠨ ᠴᠢᠮᠠᠳᠤ ᠨᠠᠭᠠᠮᠠᠷ ᠪᠠᠢ᠌ᠨ᠎ᠠ

ᠨᠠᠷᠠᠳᠤ ᠶᠢᠨ ᠵᠠᠮ ᠢ ᠨᠠᠰᠤ ᠪᠠᠷ ᠶᠢᠡᠨ ᠴᠢᠮ᠎ᠠ ᠲᠡᠶ ᠳᠤᠭᠤᠯᠠᠮᠠᠷ ᠪᠠᠢ᠌ᠨ᠎ᠠ

ᠴᠢᠮ᠎ᠠ ᠳᠠᠭᠠᠨ ᠪᠢ ᠴᠡᠴᠡᠭ᠌ ᠬᠤᠸᠠᠷ ᠮᠠᠳᠤ ᠳᠡᠯᠭᠡᠷᠮᠡᠷ ᠪᠠᠢ᠌ᠨ᠎ᠠ

ᠴᠡᠩᠭᠡᠭᠦ ᠶᠢᠨ ᠰᠠᠢ᠌ᠬᠠᠨ ᠢ ᠰᠤᠭᠳᠤᠭᠤᠷᠳᠠᠯ᠎ᠠ ᠪᠠᠨ ᠡᠳ᠋ᠯᠡᠮᠡᠷ ᠪᠠᠢ᠌ᠨ᠎ᠠ


ᠡᠩᠭᠡᠷ ᠶᠢᠡᠨ ᠳᠠᠢ᠌ᠯᠤᠭᠠᠤᠨ ᠦᠷᠤᠴᠢᠨ ᠳᠡᠭᠡᠷ᠎ᠡ ᠴᠢᠨᠢ ᠬᠠᠢ᠌ᠯᠤᠮᠠᠷ ᠪᠠᠢ᠌ᠨ᠎ᠠ

ᠠᠯᠢᠪᠠ ᠪᠦᠭᠦᠨ ᠶᠢᠡᠨ ᠦᠯᠡᠳᠡᠭᠡᠯ ᠦᠭᠡᠶ ᠳᠡᠪᠰᠢᠭᠦᠯᠦᠮᠡᠷ ᠪᠠᠢ᠌ᠨ᠎ᠠ

ᠣᠷᠴᠢᠯᠠᠩ ᠳᠤ ᠬᠤᠶᠠᠭᠤᠯᠬᠠᠨ ᠶᠢᠡᠨ ᠠᠮᠢᠳᠤᠷᠠᠮᠠᠷ ᠪᠠᠢ᠌ᠨ᠎ᠠ

ᠣᠬᠤᠷᠬᠠᠨ ᠨᠠᠰᠤᠨ ᠳᠠᠭᠠᠨ ᠣᠢ᠌ᠯᠠᠰ ᠪᠦᠳᠦᠭᠡᠯ ᠶᠢᠡᠷ ᠶᠢᠡᠨ ᠭᠢᠯᠠᠷᠠᠮᠠᠷ ᠪᠠᠢ᠌ᠨ᠎ᠠ


ᠪᠦᠷ ᠪᠦᠷ ᠪᠠᠭᠤᠭᠰᠠᠨ ᠪᠣᠷᠤᠭᠠᠨ ᠢ ᠴᠢᠩᠨᠠᠵᠤ

ᠪᠣᠳᠤᠯ ᠳᠠᠭᠠᠨ ᠳᠠᠷᠤᠭᠳᠠᠭᠰᠠᠨ ᠪᠢ ᠣᠢ᠌ᠤᠠᠬᠠᠷ ᠲᠡᠶ

ᠰᠢᠪᠠᠷ ᠰᠢᠪᠠᠷ ᠱᠠᠭᠢᠭᠠᠭᠰᠠᠨ ᠬᠤᠷ᠎ᠠ ᠲᠡᠶ ᠦᠳᠡᠰᠢ

ᠰᠡᠳᠭᠢᠯ ᠤᠨ ᠴᠢᠮ᠎ᠠ ᠪᠠᠨ ᠥᠭᠡᠢ᠌ᠯᠡᠭᠡᠳ ᠪᠢ ᠭᠤᠨᠢᠭᠯᠠᠯ ᠲᠡᠶ


ᠭᠠᠩᠭ᠋ᠠᠷ ᠭᠤᠩᠭ᠋ᠤᠷ ᠳᠤᠤᠭᠠᠷᠤᠨ ᠪᠣᠴᠠᠭᠰᠠᠨ

ᠭᠠᠯᠠᠭᠤ ᠰᠢᠪᠠᠭᠤ ᠰᠦᠷᠦᠭ᠌ ᠶᠢᠡᠷ ᠶᠢᠡᠨ ᠪᠣᠯ ᠵᠢᠷᠭᠠᠯ ᠲᠡᠶ

ᠭᠠᠩᠳᠠᠭᠰᠠᠨ ᠰᠡᠳᠭᠢᠯ ᠢ ᠮᠢᠨᠢ ᠬᠠᠢ᠌ᠷ᠎ᠠ ᠪᠠᠷ ᠣᠮᠳᠠᠯᠠᠭᠰᠠᠨ

ᠭᠠᠭᠴᠠᠬᠠᠨ ᠴᠢᠮ᠎ᠠ ᠲᠡᠶ ᠬᠤᠤᠰᠯᠠᠨ ᠳᠠᠭᠤᠯᠬᠤ ᠪᠠᠷ ᠪᠢ ᠵᠢᠷᠭᠠᠯ ᠲᠡᠶ᠃


ᠵᠤᠬᠢᠶᠠᠭᠴᠢ ᠶᠢᠨ ᠬᠠᠶ‍ᠢᠭ ᠄ ᠰᠢᠠᠵᠢᠶᠠᠩ ᠡᡁᠸᠵᠢᠩ ᠰᠢᠶᠠᠨ ᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠭ·ᠪᠠᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 05 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ