ᠨᠡᠪᠲᠡᠷᠡᠨ ᠤᠷᠤᠬᠤ
ᠬᠤᠶᠠᠷ ᠮᠦᠷᠳᠤ ᠪᠠᠳᠠᠭ

ᠡᠷᠭᠡ ᠪᠠ ᠡᠭᠡᠯ

ᠳᠠᠷᠬᠠᠨ ᠬᠠᠷᠢᠭᠤᠴᠠᠯᠭ᠎ᠠ ᠶᠢᠨ ᠦᠨᠳᠦᠷ ᠪᠠᠶᠡᠯᠡᠭ᠍ᠳᠡᠯ ᠢ ᠡᠷᠭᠡ ᠭᠡᠮᠡᠮᠦᠢ

ᠲᠠᠭᠠᠨ ᠮᠤᠷᠢ ᠲᠡᠶ ᠳᠠᠭᠠᠵᠤ ᠠᠮᠵᠢᠬᠤ ᠦᠭᠡᠶ ᠰᠠᠠᠳᠤᠷᠠᠯ ᠢ ᠡᠭᠡᠯ ᠭᠡᠮᠡᠮᠦᠢ

ᠮᠥᠩᠭᠦ ᠪᠠ ᠮᠦᠰᠤ

ᠭᠦᠯᠦᠰᠤ ᠪᠠᠨ ᠣᠷᠤᠰᠬᠠᠪᠠᠯ ᠮᠥᠩᠭᠦ ᠬᠤᠷᠠᠮᠳᠤᠮᠤᠢ

ᠭᠦᠮᠤᠨ ᠶᠢᠡᠨ ᠣᠷᠤᠰᠬᠠᠪᠠᠯ ᠮᠦᠰᠤ ᠠᠯᠳᠠᠷᠠᠮᠤᠢ

ᠦᠨᠡᠨ ᠪᠠ ᠬᠤᠳᠠᠯ

ᠦᠨᠡᠨ ᠭᠡᠵᠤ ᠣᠯᠠᠭᠠᠨ ᠳᠠᠮᠠᠭ᠎ᠠ ᠲᠡᠶ ᠪᠢᠴᠢᠭ᠌ ᠬᠠᠷᠢᠭᠤ ᠦᠭᠡᠶ ᠭᠡᠪᠳᠡᠨ᠎ᠡ

ᠥᠨᠡᠭᠡᠨ ᠣᠯᠠᠭᠠᠨ ᠠᠷᠠᠰᠤ ᠲᠡᠶ ᠬᠤᠳᠠᠯ ᠰᠠᠢ᠌ᠮᠰᠤᠷᠠᠵᠤ ᠵᠦᠷᠢᠨ᠎ᠠ

ᠣᠰᠤ ᠪᠠ ᠳᠤᠰᠤ

ᠣᠰᠤ ᠡᠴᠡ ᠪᠢᠰᠢ ᠳᠤᠰᠤ ᠶᠢ ᠳ᠋ᠤᠤ ᠭᠡᠭ᠍ᠰᠡᠭᠡᠷ

ᠣᠰᠤ ᠴᠤ ᠦᠭᠡᠶ ᠳᠤᠰᠤ ᠴᠤ ᠦᠭᠡᠶ ᠬᠠᠳᠠᠬᠤ ᠴᠠᠭ ᠣᠢ᠌ᠷᠠᠳᠤᠨ᠎ᠠ

ᠮᠠᠯ ᠪᠠ ᠳᠠᠷᠢᠶ᠎ᠠ

ᠳᠠᠪᠤᠨ ᠳᠠᠷᠢᠶᠠᠨ ᠦᠷ᠎ᠡ ᠶᠢ ᠳᠠᠯ᠎ᠠ ᠳᠤ ᠪᠠᠨ ᠵᠠᠯᠠᠭᠠᠤᠨ ᠮᠤᠩᠭ᠋ᠤᠯ

ᠳᠠᠩᠰᠤᠭ ᠳᠠᠪᠤᠨ ᠰᠥᠷᠦᠭ᠌ ᠶᠢᠡᠨ ᠳᠡᠭ᠍ᠷᠢ ᠳᠤ ᠮᠠᠨᠠᠪᠠ

ᠦᠨᠦᠳᠤᠷ ᠪᠠ ᠮᠠᠷᠭᠠᠰᠢ

ᠠᠢ᠌ᠯ ᠤᠨ ᠰᠤᠷᠭᠠᠭᠤᠯᠢ ᠨᠤᠭᠤᠳ ᠮᠤᠷᠢᠨ ᠳᠠᠯ ᠳᠡᠭᠡᠭᠦᠷ ᠬᠤᠳᠠ ᠪᠠᠷᠠᠭᠠᠳᠠᠨ᠎ᠠ

ᠠᠢ᠌ᠯ ᠤᠨ ᠪᠠᠷᠢᠶᠠᠤᠨ ᠰᠢᠭ᠌ ᠭᠠᠩᠭᠠᠩ ᠥᠭᠡ ᠨᠤᠭᠦᠳ ᠮᠢᠨᠢ ᠳᠤᠯᠢ ᠪᠢᠴᠢᠭ᠌ ᠲᠤ ᠮᠤᠷᠳᠠᠨ᠎ᠠ

ᠪᠦᠷᠭᠦᠤᠨ ᠪᠠ ᠳᠠᠭᠢᠶ᠎ᠠ

ᠡᠭᠦᠯᠡᠨ ᠳᠦᠷᠦᠭᠦᠤ ᠳᠡᠭ᠍ᠷᠢ ᠶᠢ ᠰᠤᠮᠤᠳᠠᠬᠤ ᠭᠦᠰᠡᠯ ᠢ ᠪᠦᠷᠭᠦᠤᠨ ᠭᠡᠨᠡᠮ

ᠡᠭᠦᠷ ᠲᠤ ᠪᠠᠨ ᠳᠡᠮᠡᠴᠡᠯᠳᠦᠭᠦ ᠭᠠᠷᠮᠠᠭᠠᠢ ᠵᠠᠩᠵᠤᠨ ᠢ ᠳᠠᠭᠢᠶ᠎ᠠ ᠭᠡᠨᠡᠮ

ᠵᠤᠬᠢᠶᠠᠭᠴᠢ᠄ ᠰᠠᠷᠠᠩᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2009 ᠤᠨ ᠤ 05 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ