ᠨᠡᠪᠲᠡᠷᠡᠨ ᠤᠷᠤᠬᠤ
ᠨᠤᠳᠤᠭ ᠲᠠᠭᠠᠨ ᠰᠢᠨᠡᠯᠡᠭᠦ ᠳᠤ ᠰᠡᠳᠭᠢᠯ ᠥᠶ‍ᠦᠭ᠍ᠰᠢᠭᠦᠨ

ᠠᠷᠤ ᠭᠠᠵᠠᠷ ᠤᠨ ᠨᠠᠭᠤᠷ ᠶᠢᠡᠨ ᠭᠡᠵᠤ

ᠠᠭᠠᠷ ᠳᠦᠭᠦᠷᠡᠳᠡᠯ᠎ᠡ ᠱᠤᠤᠭᠢᠯᠳᠤᠨ

ᠠᠮᠢ ᠳᠠᠯᠪᠢᠨ ᠨᠢᠰᠦᠯᠴᠡᠭᠦ ᠭᠠᠯᠠᠭᠤᠳ ᠰᠢᠭ

ᠠᠪᠣ ᠶᠢᠨ ᠵᠠᠶᠠᠭᠠᠭᠰᠠᠨ ᠨᠤᠳᠤᠭ ᠭᠡᠵᠤ

ᠠᠯᠤᠰ ᠭᠠᠵᠠᠷ ᠡᠴᠡ ᠵᠢᠦᠡᠭᠦᠯᠴᠡᠨ

ᠣᠪᠤᠨ ᠴᠤᠪᠤᠨ ᠴᠤᠭᠯᠠᠷᠠᠬᠤ ᠭᠦᠮᠦᠰ ᠮᠢᠨᠢ

ᠠᠮᠢ ᠠᠮᠢᠳᠤᠷᠠᠯ ᠤᠨ ᠣᠷᠳᠤᠬᠠᠨ ᠠᠶᠠᠨ ᠳᠤ

ᠠᠮᠤᠰᠭᠢᠵᠤ ᠨᠢᠭᠡ ᠦᠷᠳᠡᠭᠡ ᠪᠣᠯᠳᠠᠭ

ᠠᠭᠤᠳᠠᠮ ᠬᠤᠷᠸ᠎ᠠ ᠶᠢᠨ ᠳᠡᠨᠢᠭᠡᠷ ᠦᠷᠤᠴᠠᠨ ᠳᠤ

ᠠᠭᠢᠵᠤ ᠨᠢᠭᠡ ᠬᠠᠪᠣᠷ ᠢ ᠣᠷᠢᠳᠠᠭ

ᠰᠢᠨ᠎ᠠ ᠶᠢᠨ ᠨᠠᠢ᠌ᠷ ᠲᠤ

ᠭᠤᠪᠢ ᠨᠤᠳᠤᠭ ᠤᠨ ᠡᠪᠦᠯ ᠢ ᠭᠡᠰᠭᠡᠮ᠎ᠡ

ᠭᠤᠯᠤᠮᠳᠠ ᠪᠠᠳᠠᠷᠠᠭᠠᠭᠰᠠᠨ ᠭᠠᠯ ᠪᠣᠯᠬᠤ

ᠭᠤᠷᠪᠠᠨ ᠦᠶ᠎ᠡ ᠪᠠᠷ ᠶᠢᠡᠨ ᠪᠦᠷᠢᠳᠦᠭ᠍ᠰᠡᠨ

ᠡᠶ᠎ᠡ ᠨᠠᠢ᠌ᠷᠰᠠᠭ ᠡᠷᠦᠭᠡ ᠶᠢᠨ

ᠡᠪ ᠵᠢᠷᠭᠠᠯ ᠤᠨ ᠴᠢᠪᠬᠠᠳᠠᠰᠤ ᠪᠢᠯᠠ᠃


ᠠᠭᠠᠭᠢᠮ᠎ᠠ ᠬᠠᠯᠠᠭᠤᠨ ᠤ ᠬᠠᠭᠤᠷᠠᠢ ᠡᠭᠡᠰᠢᠭ᠌

ᠠᠭᠠᠳᠠᠷ ᠪᠣᠷᠤᠭᠠᠨ ᠳ᠋ᠠᠭᠢ ᠨᠣᠢ᠌ᠳᠠᠨ ᠴᠢᠷᠠᠯᠠᠯ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊

ᠭᠠᠴᠢᠭᠳᠠᠵᠤ ᠭᠠᠰᠠᠯᠠᠭ᠎ᠠ ᠦᠭᠡᠶ ᠭᠦᠮᠦᠰ ᠶᠢᠡᠨ

ᠭᠠᠵᠠᠷ ᠵᠥᠭᠡᠯᠡᠨ ᠡᠯᠡᠰᠤᠨ ᠳᠡᠭᠡᠨ ᠪᠦᠪᠠᠢ᠌ᠯᠡᠭ᠍ᠰᠡᠨ

ᠨᠤᠳᠤᠭ ᠲᠠᠭᠠᠨ ᠬᠠᠷᠢᠵᠤ ᠰᠢᠨᠡᠯᠡᠭᠦ ᠳᠤ

ᠨᠤᠭᠤᠨ ᠦᠷ᠎ᠡ ᠶᠢᠨ ᠰᠡᠳᠭᠢᠯ ᠥᠶ‍ᠦᠭ᠍ᠰᠢᠭᠦᠨ ︕

ᠨᠠᠰᠤᠳᠠᠤᠨ ᠤᠨ ᠣᠷᠤᠰᠬᠠᠳᠠᠭ ᠬᠠᠭᠤᠴᠢ ᠰᠠᠨᠠᠵᠤ

ᠨᠠᠮᠬᠠᠨ ᠭᠦᠳᠦᠯ ᠶᠢᠡᠷ ᠨᠢ ᠨᠠᠢ᠌ᠭᠤᠵᠤ ᠠᠯᠬᠤᠨ

ᠨᠢᠯᠬ᠎ᠠ ᠨᠠᠰᠤᠨ ᠤ ᠳᠤᠭᠯᠠᠭᠠᠮ ᠮᠦᠷᠦᠭᠡᠳᠤᠨ

ᠨᠠᠭᠤᠷ ᠤᠨ ᠭᠢᠨᠢ ᠮᠦᠰᠤ ᠪᠠᠷ ᠠᠶᠠᠷᠬᠠᠨ ᠳᠠᠰᠢᠵᠤ

ᠨᠠᠢ᠌ᠷᠳᠠᠢ ᠶᠠᠪᠣᠭᠰᠠᠨ ᠨᠥᠭᠦᠤᠨ ᠤᠨ ᠶᠢᠡᠨ

ᠨᠢᠰᠤ ᠪᠠᠨ ᠴᠢᠷᠦᠭ᠍ᠰᠡᠨ ᠬᠡᠦᠬᠡᠳ ᠢ ᠨᠢ ᠥᠭᠦᠭᠡᠷᠳᠤᠨ

ᠨᠤᠳᠤᠭ ᠲᠠᠭᠠᠨ ᠰᠢᠨᠡᠯᠡᠭᠦ ᠳᠤ ᠰᠡᠳᠭᠢᠯ ᠥᠶ‍ᠦᠭ᠍ᠰᠢᠭᠦᠨ᠃


ᠬᠤᠴᠤᠷᠴᠤ ᠴᠥᠭᠦᠭ᠍ᠰᠡᠨ ᠨᠤᠳᠤᠭ ᠤᠨ ᠶᠢᠡᠨ ᠳᠦᠷᠰᠤ ᠶᠢ

ᠬᠤᠪᠢᠷᠭᠠᠵᠤ ᠥᠭᠡᠷᠡᠴᠢᠯᠡᠭᠦ ᠵᠤᠷᠢᠭ ᠲᠡᠶ ᠭᠡᠳᠦᠭᠦᠯᠡ ᠲᠡᠶ

ᠬᠤᠪᠢᠩ ᠲᠡᠶ ᠠᠷᠢᠭᠢ ᠶᠢ ᠨᠢ ᠪᠠᠯᠭᠤᠵᠤ ᠪᠠᠢ᠌ᠭᠠᠤᠨ

ᠬᠤᠯᠠ ᠶᠢᠨ ᠲᠦᠰᠤᠪ ᠢ ᠨᠢ ᠬᠠᠮᠳᠤ ᠪᠠᠷ ᠰᠤᠳᠤᠯᠬᠤ ᠳᠤ

ᠰᠢᠷᠡᠭᠡ ᠳᠤᠭᠤᠷᠢᠭᠰᠠᠨ ᠭᠦᠮᠦᠰ ᠤᠨ ᠴᠢᠷᠠᠢ ᠳᠤ

ᠰᠢᠵᠢᠷ ᠨᠠᠷᠠᠨ ᠤ ᠳᠤᠶᠠᠭ᠎ᠠ ᠰᠠᠴᠤᠷᠠᠨ

ᠰᠢᠨ᠎ᠠ ᠰᠤᠷᠤᠭᠰᠠᠨ ᠳᠠᠭᠤᠤ ᠡᠴᠡ ᠪᠠᠨ ᠳᠠᠭᠤᠯᠠᠵᠤ

ᠨᠤᠳᠤᠭ ᠲᠠᠭᠠᠨ ᠨᠠᠢ᠌ᠷᠯᠠᠯᠳᠤᠵᠤ ᠰᠢᠨᠡᠯᠡᠭᠦ ᠳᠤ

ᠨᠤᠭᠤᠨ ᠦᠷ᠎ᠡ ᠶᠢᠨ ᠰᠡᠳᠭᠢᠯ ᠥᠶ‍ᠦᠭ᠍ᠰᠢᠭᠦᠨ ︕


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2011 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ