ᠨᠡᠪᠲᠡᠷᠡᠨ ᠤᠷᠤᠬᠤ
ᠴᠦᠷᠭᠦᠯᠡᠭᠡ ᠰᠢᠯᠦᠭ᠌

     ᠵᠢᠮ᠎ᠠ

ᠳᠡᠯᠪᠠᠭ᠍ᠰᠡᠨ ᠡᠳᠦᠷ

ᠵᠠᠮᠬᠠᠷᠴᠤ ᠳᠠᠭᠤᠰᠤᠭᠠᠤᠨ

ᠳᠡᠩᠳᠡᠭᠦᠤ ᠬᠠᠷᠠᠩᠭᠤᠢ

ᠳᠠᠢ᠌ᠴᠢᠵᠤ ᠭᠡᠢ᠌ᠭᠡᠳ ᠯᠠ

ᠬᠠᠷ᠎ᠠ ᠴᠠᠭᠠᠨ ᠳᠡᠭ᠍ᠷᠢ ᠳ᠋ᠤ

ᠬᠤᠷᠸ᠎ᠠ ᠡᠷᠭᠢᠳᠡᠭ᠌ ᠰᠢᠭ᠌

ᠬᠠᠳᠠᠭᠤ ᠵᠥᠭᠡᠯᠡᠨ ᠠᠮᠢᠳᠤᠷᠠᠯ ᠳ᠋ᠤ

ᠭᠦᠮᠤᠨ ᠪᠢᠴᠢᠭ᠍ᠳᠡᠵᠤ ᠡᠯᠡᠳᠡᠭ᠌ ᠰᠢᠤ︕

      ᠰᠥ᠋

ᠭᠠᠵᠠᠷ ᠲᠤ ᠢᠷᠡᠭᠦ ᠳᠡᠭᠡᠨ ᠡᠮᠭᠦᠵᠤ

ᠳᠡᠭ᠍ᠷᠢ ᠳᠤ ᠬᠠᠯᠢᠬᠤ ᠲᠠᠭᠠᠨ ᠪᠠᠯᠭᠤᠬᠤ ᠰᠥ᠋

ᠳᠦᠷᠦᠭᠦ ᠥᠭᠦᠭᠦ ᠶᠢᠨ ᠬᠤᠭᠤᠷᠤᠠᠳᠠᠭᠢ

ᠠᠮᠤᠭᠤᠯᠠᠩ ᠴᠠᠭᠠᠨ ᠵᠦᠷᠢᠭ᠌

ᠳᠦᠷᠤᠯ ᠣᠯᠤᠳᠠᠯ᠎ᠠ ᠳᠠᠭᠠᠭᠤᠯᠬᠤ

ᠠᠶᠠᠨ ᠤ ᠭᠡᠭᠡᠨ ᠵᠠᠮᠴᠢ ᠪᠠᠢ᠌ᠨᠠᠮ︕

     ᠴᠠᠰᠤ

ᠪᠣᠷᠬᠠᠨ ᠳᠡᠭ᠍ᠷᠢ ᠶᠢᠨ ᠢᠷᠤᠭᠠᠷ ᠡᠴᠠ

ᠪᠣᠳᠤᠩᠭᠣᠢ᠌ᠷᠠᠵᠤ ᠭᠦᠶ‍ᠦᠭ᠍ᠰᠡᠨ ᠳᠦᠷᠤᠳᠠᠰᠤ

ᠪᠣᠶᠠᠠᠳᠤ ᠭᠠᠵᠠᠷ ᠤᠨ ᠵᠤᠯᠠᠢ ᠳᠡᠭᠡᠷ᠎ᠡ

ᠪᠣᠷᠭᠢᠯᠠᠵᠤ ᠳᠤᠭᠳᠠᠭᠰᠠᠨ ᠳᠤᠨᠤᠳᠠᠰᠤ

ᠭᠠᠵᠠᠷ ᠨᠥᠮᠦᠷᠡᠭᠡᠳ ᠭᠦᠯᠦᠷᠡᠭᠦ

ᠭᠠᠯᠪᠢᠷ ᠴᠠᠭᠠᠨ ᠭᠦᠡᠵᠢᠯᠡ

ᠭᠠᠯᠪᠠ ᠶᠢᠨ ᠴᠡᠩᠭᠡᠷ ᠬᠠᠭᠤᠳᠠᠰᠤᠨ ᠡᠴᠠ

ᠭᠠᠵᠠᠷᠯᠠᠵᠤ ᠶᠡᠭᠦᠷᠡᠭ᠍ᠰᠡᠨ ᠨᠠᠢ᠌ᠷᠠᠭ

ᠰᠠᠢ᠌ᠮᠰᠠᠷᠴᠤ ᠰᠠᠢ᠌ᠬᠠᠨ ᠭᠡᠯᠡᠪᠠᠯ

ᠰᠠᠠᠰᠠᠷ ᠤᠨ ᠴᠠᠭᠠᠨ ᠠᠮᠢᠰᠬᠤᠭ᠎ᠠ ᠭᠡᠮᠡᠷ

ᠰᠠᠭᠢᠭᠤᠰᠤ ᠡᠵᠡᠨ ᠤ ᠳᠠᠢ᠌ᠴᠢᠬᠤ

ᠰᠠ ᠮᠦᠩᠭᠦᠨ ᠬᠤᠪᠴᠠᠰᠤ ᠴᠤ ᠭᠡᠮᠡᠷ

ᠦᠷᠤ ᠬᠠᠳᠠᠭᠤ ᠭᠡᠯᠡᠪᠠᠯ

ᠦᠨᠳᠦᠷ ᠳᠡᠭ᠍ᠷᠢ ᠶᠢᠨ ᠬᠠᠭ ᠭᠡᠮᠡᠷ

ᠦᠷᠡᠮᠡᠭ᠌ ᠪᠠᠶ᠎ᠠ ᠪᠠᠷ ᠶᠢᠡᠨ ᠰᠢᠭ᠍ᠰᠢᠭ᠍ᠳᠡᠭ᠍ᠰᠡᠨ

ᠡᠭᠦᠯᠡᠨ ᠡᠯᠭᠢᠭ᠌ ᠤᠨ ᠴᠥᠯᠡᠭ᠍ᠳᠡᠯ ᠴᠤ ᠭᠡᠮᠡᠷ ᠁


     ᠪᠢᠳᠡᠭᠡᠢ ᠭᠢᠯᠠᠭ᠎ᠠ

ᠵᠢᠪᠠᠷ ᠳᠠᠳᠠᠵᠤ ᠭᠢᠯᠠᠬᠤ ᠳ᠋ᠤ

ᠵᠢᠷᠦᠭᠡ ᠵᠢᠷᠪᠢᠰ ᠡᠰᠭᠢᠭ᠍ᠳᠡᠨ᠎ᠡ

ᠵᠦᠩ ᠦᠭᠡᠶ ᠣᠢ᠌ᠯᠠ ᠶᠢᠨ ᠰᠤᠪᠢᠩ ᠡᠷᠭᠢᠵᠤ

ᠵᠡᠭᠦᠳᠤ ᠭᠦᠷᠳᠡᠯ᠎ᠡ ᠳᠦᠭᠡᠷᠢᠨ᠎ᠡ

ᠬᠠᠳᠠᠭᠤᠷ ᠤᠨ ᠴᠠᠭᠢᠷ ᠢᠷ ᠰᠢᠭ

ᠨᠢᠳᠤᠨ ᠤ ᠬᠠᠷᠢᠶᠠᠯ ᠪᠢᠳᠡᠭᠡᠢ ᠭᠡᠯᠡ

ᠬᠠᠯᠳᠤᠷᠢᠵᠤ ᠭᠢᠯᠠᠰᠬᠤ ᠵᠢᠮ ᠳᠤᠨᠢ

ᠬᠠᠷᠢᠶᠠᠯ ᠤᠨ ᠡᠷᠭᠢᠴᠡ ᠪᠠᠢ᠌ᠳᠠᠭ ᠶᠤᠮ

ᠬᠠᠭᠢᠷ ᠴᠡᠭᠡᠨ ᠨᠢᠭᠦᠯ ᠳᠤᠨᠢ

ᠦᠪᠡᠷ ᠤᠨ ᠴᠢᠨᠢ ᠪᠠᠶ᠎ᠠ ᠣᠨᠠᠳᠠᠭ ᠶᠤᠮ

ᠭᠦᠢ᠌ᠳᠡᠨ ᠬᠠᠷᠠᠴᠠᠨ ᠤ ᠪᠣᠯᠤᠩ ᠵᠢᠠᠷ  

ᠭᠦᠮᠤᠨ ᠢ ᠪᠢᠳᠡᠭᠡᠢ ᠬᠠᠢ᠌ᠴᠢᠯᠠ

ᠡᠵᠢ ᠶᠢᠨ ᠴᠢᠨᠢ ᠴᠠᠭᠠᠨ ᠳᠠᠯᠢᠩ

ᠡᠨᠡᠯᠡᠵᠤ ᠡᠪᠠᠳᠦᠨ᠎ᠡ ᠭᠡᠨ᠎ᠡ

ᠡᠷᠢᠯ ᠤᠨ ᠴᠠᠭᠠᠨ ᠭᠦᠰᠡᠯ ᠴᠢᠨᠢ

ᠡᠵᠡᠭᠦᠢᠷᠡᠵᠤ ᠵᠠᠮᠬᠠᠷᠠᠨ᠎ᠠ ᠭᠡᠨ᠎ᠡ

ᠭᠦᠮᠤᠨ ᠵᠤᠨ ᠢ ᠪᠢᠳᠡᠭᠡᠢ ᠭᠢᠯᠠᠭ᠎ᠠ

ᠡᠨᠡᠷᠢᠯ ᠳᠤᠳᠠᠵᠤ ᠵᠤᠪᠠᠳᠠᠭ ᠶᠤᠮ ᠭᠡᠨ᠎ᠡ

ᠡᠷᠯᠢᠭ᠌ ᠤᠨ ᠳᠡᠭᠡᠭᠡ ᠶᠠᠯᠠᠯᠠᠳᠠᠭ ᠴᠤ ᠶᠤᠮ ᠭᠡᠨ᠎ᠡ

ᠰᠢᠭᠦᠳᠡᠷᠢ ᠮᠡᠯᠳᠡᠭᠡᠨᠡᠭ᠍ᠰᠡᠨ ᠳᠡᠯᠡᠭᠡᠢ ᠪᠠᠨ

ᠰᠢᠷᠪᠠᠵᠤ ᠪᠢᠳᠡᠭᠡᠢ ᠭᠢᠯᠠᠭ᠎ᠠ

ᠰᠢᠵᠢᠷ ᠪᠣᠷᠬᠠᠨ ᠤ ᠮᠠᠯᠮᠠᠢ ᠶᠢ

ᠰᠢᠠᠵᠢ ᠪᠠᠷ ᠶᠢᠡᠨ ᠪᠢᠳᠡᠭᠡᠢ ᠭᠤᠳᠤᠭ᠎ᠠ

ᠵᠢᠷᠦᠭᠡ ᠬᠠᠳᠬᠠᠬᠤ ᠱᠤᠷᠤ ᠶᠤᠮ ᠰᠢᠤ

ᠵᠦᠩ ᠠᠯᠳᠠᠷᠠᠬᠤ ᠶᠤᠷᠤ ᠶᠤᠮ ᠰᠢᠤ ᠁



ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2011 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ