ᠨᠡᠪᠲᠡᠷᠡᠨ ᠤᠷᠤᠬᠤ
ᠪᠢ ᠡᠷᠢᠯᠴᠢᠨ

ᠪᠢ ᠪᠣᠯ ᠡᠷᠢᠯᠴᠢᠨ

ᠣᠷᠭ᠎ᠠ ᠶᠢᠨ ᠬᠣᠢ᠌ᠪᠢ ᠡᠴᠡ ᠠᠳᠤᠭᠤ ᠡᠷᠢᠳᠡᠭ᠌

ᠣᠳᠤᠷ ᠤᠨ ᠡᠷᠢᠯᠴᠢᠨ

ᠡᠪᠠᠰᠤᠨ ᠳᠤᠯᠤᠭᠠᠢ ᠡᠴᠡ ᠰᠢᠭᠦᠳᠡᠷᠢ ᠡᠷᠢᠳᠡᠭ᠌

ᠬᠤᠷ᠎ᠠ ᠶᠢᠨ ᠡᠷᠢᠯᠴᠢᠨ

ᠠᠯᠳᠠᠷᠠᠭᠰᠠᠨ ᠮᠦᠰᠤ ᠡᠴᠡ ᠡᠪ ᠡᠷᠢᠳᠡᠭ᠌

ᠣᠬᠠᠭᠠᠨ ᠤ ᠡᠷᠢᠯᠴᠢᠨ

ᠨᠢᠭᠤᠴᠠ ᠳᠤᠪᠴᠢᠶᠠᠨ ᠡᠴᠡ ᠭᠡᠢ᠌ᠮᠦᠷᠢ ᠡᠷᠢᠳᠡᠭ᠌

ᠰᠦᠰᠦ ᠶᠢᠨ ᠡᠷᠢᠯᠴᠢᠨ

ᠪᠢ ᠪᠣᠯ ᠡᠷᠢᠯᠴᠢᠨ

ᠥᠩᠭᠡᠷᠡᠭ᠍ᠰᠡᠨ ᠵᠠᠭᠤᠨ ᠡᠴᠡ ᠳᠡᠦᠭᠡ ᠡᠷᠢᠳᠡᠭ᠌

ᠥᠴᠦᠭᠡᠳᠦᠷ ᠤᠨ ᠡᠷᠢᠯᠴᠢᠨ

ᠦᠨᠦᠳᠤᠷ ᠤᠨ ᠠᠶᠠᠨ ᠡᠴᠡ ᠢᠷᠡᠭᠡᠳᠦᠢ ᠪᠠᠨ ᠡᠷᠢᠳᠡᠭ᠌

ᠮᠥᠩᠭᠡ ᠶᠢᠨ ᠡᠷᠢᠯᠴᠢᠨ

ᠣᠷᠠᠯᠢᠭ ᠤᠨ ᠳᠡᠭ᠍ᠷᠢ ᠡᠴᠡ ᠣᠩᠭ᠋ᠤᠳ ᠡᠷᠢᠳᠡᠭ᠌

ᠦᠨᠡᠨ ᠤ ᠡᠷᠢᠯᠴᠢᠨ

ᠥᠡᠳᠦᠷᠯᠢᠭ᠌ ᠤᠨ ᠰᠠᠯᠭᠢᠨ ᠡᠴᠡ ᠨᠤᠲ᠋ ᠡᠷᠢᠳᠡᠭ᠌

ᠣᠶᠠᠩᠭ᠋᠎ᠠ ᠶᠢᠨ ᠡᠷᠢᠯᠴᠢᠨ

ᠪᠢ ᠪᠣᠯ ᠡᠷᠢᠯᠴᠢᠨ

ᠪᠢᠷ ᠤᠨ ᠥᠵᠦᠭᠦᠷ ᠡᠴᠡ ᠰᠢᠳᠢ ᠡᠷᠢᠳᠡᠭ᠌

ᠪᠢᠯᠢᠭ᠌ ᠤᠨ ᠡᠷᠢᠯᠴᠢᠨ

ᠪᠢᠴᠢᠭ᠍ᠰᠡᠨ ᠰᠢᠯᠦᠭ᠌ ᠲᠤ ᠪᠠᠨ ᠣᠩᠰᠢᠭᠴᠢ ᠡᠷᠢᠳᠡᠭ᠌

ᠵᠢᠷᠦᠭᠡᠨ ᠤ ᠡᠷᠢᠯᠴᠢᠨ

ᠠᠪᠣ ᠶᠢᠨ ᠨᠤᠳᠤᠭ ᠡᠴᠡ ᠪᠠᠨ ᠰᠤᠷᠤᠭᠴᠢ ᠡᠷᠢᠳᠡᠭ᠌

ᠭᠡᠯᠡᠨ ᠤ ᠡᠷᠢᠯᠴᠢᠨ

ᠴᠤᠤᠵᠢᠯᠠᠭᠳᠠᠭᠰᠠᠨ ᠱᠤᠷᠦᠩ ᠡᠴᠡ ᠳᠦᠯᠭᠢᠭᠦᠷ ᠡᠷᠢᠳᠡᠭ᠌

ᠪᠣᠰᠤᠭ᠎ᠠ ᠡᠷᠢᠯᠴᠢᠨ︕

ᠪᠢ ᠪᠣᠯ ᠡᠷᠢᠯᠴᠢᠨ

ᠠᠷᠢᠭᠤᠨ ᠡᠷᠢᠯᠴᠢᠨ︕

ᠮᠥᠩᠭᠡ ᠳᠤᠯᠭ᠎ᠠ ᠶᠢᠨ ᠭᠠᠯ ᠢ ᠮᠠᠨᠠᠭᠴᠢ

ᠮᠤᠩᠭ᠋ᠤᠯ ᠊᠊᠊᠊᠊᠊᠊᠊᠊᠊᠊᠊᠊᠊᠊ ᠡᠷᠢᠯᠴᠢᠨ︕

ᠵᠤᠬᠢᠶᠠᠭᠴᠢ᠄ ᠪᠣᠷᠵᠢᠭᠢᠨ ᠰᠦᠶ᠎ᠠ (ᠮᠦᠰᠤᠠᠲ᠋ᠠᠭᠢᠨᠢ)
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3097
ᠴᠠᠭ᠄ 2009 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ