☆ ᠰᠣ᠊·ᠦᠨᠡᠠᠴᠢ
ᠪᠢ ᠪᠣᠯ
ᠪᠢ ᠪᠣᠯ
ᠥᠭᠡᠯᠵᠢᠨ ᠰᠠᠷ᠎ᠠ ᠵᠢᠨ
ᠬᠤᠷᠢᠨ ᠭᠤᠷᠪᠠᠨ ᠳ᠋ᠤ
ᠪᠣᠷᠬᠠᠨ ᠤ ᠡᠮᠤᠨ᠎ᠡ ᠡᠷᠭᠦᠳᠡᠭ᠌
ᠵᠤᠯᠠ ᠶᠢᠨ ᠭᠤᠤᠯ ᠢ
ᠠᠰᠠᠭᠠᠭᠰᠠᠨ
ᠭᠦᠵᠢ ᠶᠢᠨ ᠭᠠᠯ ᠤᠨ
ᠲᠦᠯᠦ
ᠪᠢ ᠪᠣᠯ
ᠪᠢᠳᠡᠭᠦᠨ ᠰᠦᠨᠢ ᠵᠢᠨ
ᠳᠡᠭ᠌ ᠴᠠᠭ ᠳᠤ
ᠳᠠᠯᠪᠠᠷᠠᠵᠤ ᠣᠳᠤᠭᠰᠠᠨ
ᠫᠣᠤᠵᠢᠩ ᠤᠨ ᠳᠠᠷᠢ ᠵᠢ
ᠨᠤᠴᠤᠭᠠᠭᠰᠠᠨ
ᠳᠠᠮᠠᠭᠢᠨ ᠥᠵᠦᠭᠦᠷ ᠲᠤ ᠭᠢ
ᠴᠤᠭ
ᠪᠢ ᠪᠣᠯ
ᠴᠠᠭᠠᠨ ᠰᠠᠷ᠎ᠠ ᠵᠢᠨ
ᠰᠢᠨ᠎ᠡ ᠶᠢᠨ ᠨᠢᠭᠡᠨ ᠤ
ᠰᠢᠳᠠᠵᠤ ᠳᠠᠭᠤᠰᠤᠭᠰᠠᠨ
ᠵᠤᠴᠢᠯ ᠤᠨ ᠰᠢᠪᠠᠭ ᠤᠨ
ᠦᠨᠡᠰᠤ
ᠪᠢ ᠪᠣᠯ
ᠮᠤᠩᠭ᠋ᠤᠯ ᠭᠦᠮᠤᠨ ᠊ᠤ
ᠮᠤᠷᠢᠨ ᠮᠤᠠᠳᠠᠭᠠᠨ ᠡᠴᠡ ᠣᠨᠠᠭᠰᠠᠨ
ᠭᠢᠯᠭᠠᠰᠤᠨ ᠳᠠᠰᠤᠷᠬᠠᠢ
ᠪᠢ ᠪᠣᠯ
ᠮᠤᠩᠭ᠋ᠤᠯ ᠭᠦᠮᠤᠨ ᠤ
ᠮᠠᠯ ᠤᠨ ᠪᠠᠯᠴᠢᠭᠡᠷ ᠲᠤ ᠪᠣᠯᠠᠭᠳᠠᠭᠰᠠᠨ
ᠥᠡᠳᠡᠭᠡᠨ ᠴᠢᠯᠠᠭᠤ
ᠪᠢ ᠪᠣᠯ
ᠮᠤᠩᠭ᠋ᠤᠯ ᠭᠦᠮᠤᠨ ᠤ
ᠰᠥᠷᠦᠭ᠌ ᠤᠨ ᠳᠡᠷᠭᠡᠳᠡ ᠢᠰᠭᠡᠷᠦᠭ᠍ᠰᠡᠨ
ᠠᠷᠠᠤᠨ ᠤᠨ ᠳᠠᠭᠤᠤ
ᠪᠢ ᠪᠣᠯ
ᠮᠤᠩᠭ᠋ᠤᠯ ᠭᠦᠮᠤᠨ ᠤ
ᠳᠠᠷᠢᠶᠠᠨ ᠵᠠᠬ᠎ᠠ ᠳᠤ ᠬᠠᠰᠭᠢᠷᠤᠭᠰᠠᠨ
ᠠᠭᠤᠷ ᠭᠢᠯᠢᠩ
ᠪᠢ ᠪᠣᠯ
ᠮᠤᠩᠭ᠋ᠤᠯ ᠭᠦᠮᠤᠨ ᠤ
ᠮᠤᠳᠤᠨ ᠳᠤᠤᠷ᠎ᠠ ᠭᠦᠯᠢᠶᠡᠭ᠍ᠰᠡᠨ
ᠥᠭᠦᠭ᠍ᠰᠡᠨ ᠳᠠᠤᠯᠠᠢ
ᠪᠢ ᠪᠣᠯ
ᠮᠤᠩᠭ᠋ᠤᠯ ᠭᠦᠮᠤᠨ ᠤ
ᠣᠷᠭᠠᠨ ᠡᠰᠢᠨ ᠡᠴᠡ ᠰᠠᠯᠪᠠᠷᠠᠭᠰᠠᠨ
ᠥᠭᠢᠷᠭᠡᠢ ᠮᠤᠳᠤ
ᠪᠢ ᠪᠣᠯ
ᠮᠤᠩᠭ᠋ᠤᠯ ᠭᠦᠮᠤᠨ ᠤ
ᠭᠦᠯᠦᠰᠤ ᠵᠤᠩᠭ᠋ᠠᠭ ᠰᠡᠩᠭᠢᠨᠡᠭ᠍ᠰᠡᠨ
ᠣᠷᠳᠤ ᠳᠡᠷᠯᠢᠭ᠌
ᠪᠢ ᠪᠣᠯ
ᠮᠤᠩᠭ᠋ᠤᠯ ᠭᠦᠮᠤᠨ ᠤ
ᠮᠤᠷᠢᠨ ᠨᠢᠷᠤᠭᠤ ᠬᠠᠪᠴᠢᠭᠰᠠᠨ
ᠮᠤᠷᠤᠢ ᠭᠦᠯ
ᠪᠢ ᠪᠣᠯ
ᠮᠤᠩᠭ᠋ᠤᠯ ᠭᠦᠮᠤᠨ ᠤ
ᠢᠰᠡᠭᠡᠢ ᠳᠤᠭᠤᠷᠭᠠᠨ ᠡᠴᠡ ᠰᠤᠪᠣᠷᠠᠭᠰᠠᠨ
ᠠᠷᠭᠠᠯ ᠤᠨ ᠣᠳᠤᠭ᠎ᠠ
ᠪᠢ ᠪᠣᠯ
ᠮᠤᠩᠭ᠋ᠤᠯ ᠭᠦᠮᠤᠨ
ᠧᠦ᠋ᠷᠦᠫᠡ ᠵᠥᠭ᠌ ᠬᠠᠷᠪᠣᠭᠰᠠᠨ
ᠭᠠᠯᠳᠤ ᠰᠤᠮᠤ
ᠪᠢ ᠪᠣᠯ
ᠮᠤᠩᠭ᠋ᠤᠯ ᠭᠦᠮᠤᠨ ᠤ
ᠨᠠᠷᠠ ᠳᠠᠷᠠᠯᠠᠵᠤ ᠣᠠᠳᠠᠭᠰᠠᠨ
ᠠᠮᠳᠠᠳᠤ ᠨᠣᠢ᠌ᠷ
ᠪᠢ ᠪᠣᠯ
ᠮᠤᠩᠭ᠋ᠤᠯ ᠭᠦᠮᠤᠨ ᠤ
ᠬᠠᠷ᠎ᠠ ᠳᠠᠷᠤᠵᠤ ᠰᠡᠷᠡᠭ᠍ᠰᠡᠨ
ᠠᠶᠤᠮᠰᠢᠭᠳᠤ ᠵᠡᠭᠦᠳᠤ
ᠪᠢ ᠪᠣᠯ
ᠮᠤᠩᠭ᠋ᠤᠯ ᠭᠦᠮᠤᠨ ᠤ
ᠠᠳᠤᠭᠤ ᠮᠠᠯ ᠢ ᠭᠦᠨᠦᠭᠡᠭ᠍ᠰᠡᠨ
ᠠᠶᠤᠯᠳᠤ ᠴᠢᠨ᠋ᠸ᠎ᠠ
ᠪᠢ ᠪᠣᠯ
ᠮᠤᠩᠭ᠋ᠤᠯ ᠭᠦᠮᠤᠨ ᠤ
ᠭᠦᠩᠭ᠋ᠡᠷᠸᠡ ᠳᠠᠭᠠᠨ ᠭᠢᠵᠤ ᠳᠠᠭᠢᠭᠰᠠᠨ
ᠠᠷᠢᠶᠠᠪᠠᠯᠤ ᠪᠣᠷᠬᠠᠨ
ᠪᠢ ᠪᠣᠯ
ᠮᠤᠩᠭ᠋ᠤᠯ ᠭᠦᠮᠤᠨ ᠤ
ᠭᠦᠮᠪᠦᠨ ᠵᠥᠭ᠌ ᠳᠡᠮᠤᠯᠡᠭ᠍ᠰᠡᠨ
ᠠᠯᠳᠠ ᠮᠥᠷᠭᠦᠯ
ᠪᠢ ᠪᠣᠯ
ᠮᠤᠩᠭ᠋ᠤᠯ ᠭᠦᠮᠤᠨ ᠤ
ᠭᠡᠷ ᠤᠨ ᠡᠮᠤᠨ᠎ᠡ ᠳᠡᠷᠪᠠᠯᠵᠡᠭ᠍ᠰᠡᠨ
ᠳᠠᠷᠰᠤᠭ ᠤᠨ ᠪᠠᠭᠠᠨ᠎ᠠ
ᠪᠢ ᠪᠣᠯ
ᠮᠤᠩᠭ᠋ᠤᠯ ᠭᠦᠮᠤᠨ ᠤ
ᠮᠠᠨᠠᠨ ᠭᠦᠭᠦᠷ ᠡᠴᠡ ᠬᠠᠩᠬᠤᠯᠠᠭᠰᠠᠨ
ᠯᠠᠷᠽᠢ ᠶᠢᠨ ᠦᠨᠦᠷ
ᠪᠢ ᠪᠣᠯ
ᠮᠤᠩᠭ᠋ᠤᠯ ᠭᠦᠮᠤᠨ ᠤ
ᠳᠠᠮᠤᠵᠤ ᠳᠠᠭᠤᠰᠤᠭ᠎ᠠ ᠥᠭᠡᠢ
ᠣᠩᠭ᠋ᠠᠰᠤᠨ ᠳᠡᠭᠡᠰᠤ
ᠪᠢ ᠪᠣᠯ
ᠮᠤᠩᠭ᠋ᠤᠯ ᠭᠦᠮᠤᠨ ᠤ
ᠵᠠᠩᠭᠢᠤᠠᠴᠤ ᠭᠦᠢᠴᠡᠭᠡ ᠥᠭᠡᠢ
ᠣᠳᠠᠰᠤᠨ ᠳᠤᠪᠴᠢ
ᠪᠢ ᠪᠣᠯ
ᠮᠤᠩᠭ᠋ᠤᠯ ᠭᠦᠮᠤᠨ ᠤ
ᠮᠤᠰᠭᠢᠵᠤ ᠪᠠᠷᠠᠭ᠎ᠠ ᠥᠭᠡᠢ
ᠴᠢᠳᠤᠷ ᠤᠨ ᠠᠯᠠᠭ᠎ᠠ
ᠪᠢ ᠪᠣᠯ
ᠮᠤᠩᠭ᠋ᠤᠯ ᠭᠦᠮᠤᠨ ᠤ
ᠢᠳᠡᠭᠡᠯᠡᠵᠤ ᠠᠮᠵᠢᠭ᠎ᠠ ᠥᠭᠡᠢ
ᠢᠰᠢᠭᠡᠨ ᠠᠷᠠᠰᠤ
ᠪᠢ ᠪᠣᠯ
ᠮᠤᠩᠭ᠋ᠤᠯ ᠭᠦᠮᠤᠨ ᠤ
ᠪᠦᠯᠢᠵᠤ ᠳᠦᠭᠦᠷᠡᠭᠡ ᠥᠭᠡᠢ
ᠪᠣᠳᠤᠩ ᠲᠡᠶ ᠠᠢ᠌ᠷᠠᠭ
ᠪᠢ ᠪᠣᠯ
ᠮᠤᠩᠭ᠋ᠤᠯ ᠭᠦᠮᠤᠨ ᠤ
ᠭᠦᠭ᠌ ᠢ ᠨᠢ ᠳᠠᠭᠠᠷᠠᠭᠤᠯᠤᠭᠠ ᠥᠭᠡᠢ
ᠮᠤᠷᠢᠨ ᠬᠤᠭᠤᠷ
ᠪᠢ ᠪᠣᠯ
ᠮᠤᠩᠭ᠋ᠤᠯ ᠭᠦᠮᠤᠨ ᠤ
ᠭᠡᠯᠡᠵᠤ ᠰᠤᠷᠤᠭ᠎ᠠ ᠥᠭᠡᠢ
ᠭᠠᠳᠠᠭᠠᠳᠤ ᠭᠡᠯᠡ
ᠪᠢ ᠪᠣᠯ
ᠮᠤᠩᠭ᠋ᠤᠯ ᠭᠦᠮᠤᠨ ᠤ
ᠭᠢᠵᠤ ᠴᠢᠳᠠᠭ᠎ᠠ ᠥᠭᠡᠢ
ᠡᠯᠸᠺᠲ᠋ᠸᠷᠤᠨ ᠮᠠᠰᠢᠨ
ᠪᠢ ᠪᠣᠯ
ᠮᠤᠩᠭ᠋ᠤᠯ ᠭᠦᠮᠤᠨ ᠤ
ᠭᠡᠷᠡᠭᠯᠡᠵᠤ ᠥᠵᠡᠭᠡ ᠥᠭᠡᠢ
ᠠᠲ᠋ᠤᠮ ᠤᠨ ᠪᠦᠮᠪᠦᠭᠡ
ᠪᠢ ᠪᠣᠯ
ᠮᠤᠩᠭ᠋ᠤᠯ ᠭᠦᠮᠤᠨ ᠤ
ᠰᠠᠭᠤᠵᠤ ᠥᠩᠭᠡᠷᠡᠭᠡ ᠥᠭᠡᠢ
ᠰᠠᠠᠰᠠᠷ ᠤᠨ ᠣᠩᠭ᠋ᠤᠴᠠ
ᠪᠢ ᠪᠣᠯ
ᠮᠤᠩᠭ᠋ᠤᠯ ᠭᠦᠮᠤᠨ ᠤ
ᠰᠤᠷᠭᠠᠭᠤᠯᠢ ᠰᠤᠶᠤᠯ ᠢ ᠭᠦᠩᠭᠡᠪᠴᠢᠯᠡᠳᠡᠭ᠌
ᠳᠡᠨᠡᠭ᠌ ᠣᠬᠠᠭᠠᠨ
ᠪᠢ ᠪᠣᠯ
ᠮᠤᠩᠭ᠋ᠤᠯ ᠭᠦᠮᠤᠨ ᠤ
ᠮᠠᠯ ᠤᠨ ᠰᠡᠭᠦᠯ ᠮᠤᠰᠭᠢᠳᠠᠭ
ᠪᠠᠯᠠᠢ ᠬᠡᠦᠬᠡᠳ
ᠪᠢ ᠪᠣᠯ
ᠮᠤᠩᠭ᠋ᠤᠯ ᠭᠦᠮᠤᠨ ᠤ
ᠬᠠᠰᠢᠶᠠᠨ ᠳᠤᠮᠳᠠ ᠪᠠᠨ ᠮᠠᠢ᠌ᠯᠠᠯᠳᠤᠭᠰᠠᠨ
ᠬᠤᠨᠢ ᠢᠮᠠᠭᠠᠤᠨ
ᠪᠢ ᠪᠣᠯ
ᠮᠤᠩᠭ᠋ᠤᠯ ᠭᠦᠮᠤᠨ ᠤ
ᠳᠠᠮᠤᠷ ᠣᠳᠠᠰᠤᠨ ᠳᠤ ᠳᠤᠤᠷᠯᠠᠭᠳᠠᠭᠰᠠᠨ
ᠪᠠᠯᠴᠢᠭᠡᠷ ᠣᠰᠤ
ᠪᠢ ᠪᠣᠯ
ᠮᠤᠩᠭ᠋ᠤᠯ ᠭᠦᠮᠤᠨ ᠤ
ᠣᠮᠤᠭ ᠤᠨ ᠭᠦᠭᠡ ᠳᠡᠭ᠍ᠷᠢ
ᠳᠤᠮᠤᠭ ᠤᠨ ᠴᠠᠭᠠᠨ ᠨᠠᠭᠤᠷ
ᠪᠢ ᠪᠣᠯ
ᠮᠤᠩᠭ᠋ᠤᠯ ᠭᠦᠮᠤᠨ ᠤ
ᠳᠤᠷᠣᠢ᠌ᠳᠠᠵᠤ ᠶᠠᠪᠣᠭᠰᠠᠨ ᠡ᠊ᠨᠳᠡᠭᠦᠷᠡᠯ
ᠣᠷᠣᠢ᠌ᠳᠠᠵᠤ ᠮᠡᠳᠡᠷᠡᠭ᠍ᠰᠡᠨ ᠣᠰᠤᠯ
ᠪᠢ ᠪᠣᠯ
ᠮᠤᠩᠭ᠋ᠤᠯ ᠭᠦᠮᠤᠨ ᠤ
ᠡᠯᠡᠰᠦᠷᠭᠡᠭ᠍ᠵᠢᠵᠤ ᠳᠠᠴᠢᠷᠳᠠᠭᠰᠠᠨ ᠨᠤᠳᠤᠭ
ᠡᠩᠰᠡᠷᠡᠵᠤ ᠰᠡᠭᠦᠷᠡᠰᠦᠯᠡᠭ᠍ᠰᠡᠨ ᠨᠢᠯᠪᠣᠰᠤ
ᠪᠢ ᠪᠣᠯ
ᠮᠤᠩᠭ᠋ᠤᠯ ᠭᠦᠮᠤᠨ ᠤ
ᠪᠦᠰᠡᠨ ᠡᠴᠡ ᠰᠤᠭᠤᠷᠠᠭᠰᠠᠨ ᠭᠢᠳᠤᠭ᠎ᠠ
ᠴᠠᠭᠢᠭᠤᠷ ᠡᠴᠡ ᠥᠰᠦᠷᠦᠭ᠍ᠰᠡᠨ ᠣᠴᠢ
ᠪᠢ ᠪᠣᠯ
ᠮᠤᠩᠭ᠋ᠤᠯ ᠭᠦᠮᠤᠨ ᠤ
ᠠᠳᠤᠭᠤᠨ ᠤ ᠬᠣᠢ᠌ᠨ᠎ᠠ ᠬᠤᠴᠤᠷᠠᠭᠰᠠᠨ
ᠪᠣᠷᠤ ᠳᠤᠭᠤᠰᠤ
ᠪᠢ ᠪᠣᠯ
ᠮᠤᠩᠭ᠋ᠤᠯ ᠭᠦᠮᠤᠨ ᠤ
ᠳᠠᠯᠠᠩ ᠤᠨ ᠴᠠᠭᠠᠨ᠎ᠠ ᠭᠦᠭᠡᠷᠦᠯᠳᠦᠭ᠍ᠰᠡᠨ
ᠭᠦᠭᠡ ᠢᠨᠢᠶᠠᠳᠤ
ᠪᠢ ᠪᠣᠯ
ᠮᠤᠩᠭ᠋ᠤᠯ ᠭᠦᠮᠤᠨ ᠤ
ᠠᠭᠤᠰᠭᠢᠨ ᠬᠤᠪᠳᠤᠯ ᠳᠤ ᠰᠢᠳᠠᠭᠰᠠᠨ
ᠳᠠᠮᠠᠭᠢᠨ ᠬᠤᠤᠷ
ᠪᠢ ᠪᠣᠯ
ᠮᠤᠩᠭ᠋ᠤᠯ ᠭᠦᠮᠤᠨ ᠤ
ᠬᠤᠳᠤᠭᠤᠳᠤᠨ ᠮᠤᠬᠤᠷ ᠲᠤ ᠨᠤᠴᠤᠭᠰᠠᠨ
ᠠᠷᠢᠭᠢᠨ ᠰᠢᠷ᠎ᠠ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2010 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ