ᠨᠡᠪᠲᠡᠷᠡᠨ ᠤᠷᠤᠬᠤ
ᠭᠦᠤ ᠮᠢᠨᠢ

ᠢᠵᠢᠯᠭᠡᠨ ᠰᠠᠨᠠᠭᠳᠠᠬᠤ ᠠᠪᠣ ᠡᠵᠢ ᠳᠤ ᠪᠠᠨ ᠴᠢ

ᠢᠳᠡᠷᠡᠭᠦᠨ ᠣᠷᠭᠤᠬᠤ ᠨᠠᠷᠠᠰᠤᠨ ᠮᠤᠳᠤ ᠪᠠᠢ᠌ᠭ᠎ᠠ

ᠢᠳᠡᠭᠡᠯ ᠶᠢᠡᠨ ᠳᠤᠰᠢᠶᠠᠬᠤ ᠭᠡᠷᠭᠡᠢ ᠳᠤ ᠪᠠᠨ ᠴᠢ

ᠡᠪ ᠤᠨ ᠨᠦᠮᠦᠷᠢ ᠲᠡᠶ ᠠᠭᠤᠯᠠ ᠪᠠᠢ᠌ᠭ᠎ᠠ


ᠠᠵᠢᠯ ᠣᠢ᠌ᠯᠠᠰ ᠤᠨ ᠴᠢᠨᠢ ᠠᠮᠵᠢᠯᠳᠠ ᠪᠦᠳᠦᠭᠡᠯ

ᠠᠮᠢᠨ ᠪᠠᠶ᠎ᠠ ᠶᠢᠨ ᠱᠠᠭᠠᠷᠳᠠᠯᠭ᠎ᠠ ᠲᠦᠯᠭᠢᠴᠠ ᠭᠦᠴᠤ

ᠠᠢ᠌ᠯ ᠭᠡᠷ ᠤᠨ ᠴᠢᠨᠢ ᠥᠭᠡᠳᠡ ᠡᠰᠡᠷᠡᠭ᠌ ᠳᠤ

ᠠᠮᠠᠷᠠᠭ ᠬᠠᠨᠢ ᠶᠢᠨ ᠰᠠᠨᠠᠭᠤᠯᠭ᠎ᠠ ᠳᠠᠮ ᠭᠦᠴᠤ


ᠭᠦᠮᠤᠨ ᠤ ᠭᠠᠵᠠᠷ ᠭᠦᠡᠳᠡᠯᠡᠨ ᠬᠤᠰᠢᠭᠤᠨ ᠳ᠋ᠤ

ᠭᠦᠷᠤᠨ ᠣᠯᠤᠰ ᠤᠨ ᠠᠯᠪᠠᠳᠠᠨ ᠶᠢᠡᠷ ᠶᠠᠪᠣᠭᠰᠠᠨ ᠴᠤ

ᠭᠦᠷᠴᠤ ᠣᠴᠢᠭᠰᠠᠨ ᠭᠠᠵᠠᠷ ᠪᠣᠯᠭᠠᠨ ᠨᠢ

ᠭᠦᠰᠡᠯ ᠶᠢᠡᠨ ᠪᠠᠶᠡᠯᠡᠭᠦᠯᠭᠦ ᠰᠠᠢ᠌ᠬᠠᠨ ᠨᠤᠳᠤᠭ ᠪᠤᠢ


ᠢᠷᠡᠭᠦ ᠮᠠᠷᠭᠠᠰᠢ ᠶᠢᠨ ᠰᠢᠨ᠎ᠡ ᠬᠠᠭᠤᠳᠠᠰᠤᠨ ᠳ᠋ᠤ

ᠢᠯᠭᠤᠮ ᠪᠦᠳᠦᠭᠡᠯ ᠶᠢᠡᠨ ᠨᠡᠮᠡᠷᠢᠯᠡᠭᠦ ᠨᠢ ᠭᠠᠢ᠌ᠬᠠᠮᠰᠢᠯ

ᠡᠷᠢᠯ ᠭᠦᠰᠡᠯ ᠤᠨ ᠢᠷᠠᠭᠤ ᠨᠠᠮᠳᠠᠷ ᠳᠤ

ᠡᠷᠴᠢ ᠵᠤᠷᠢᠭ ᠤᠨ ᠰᠢᠳᠢ ᠪᠠᠨ ᠥᠯᠡᠳᠡᠭᠡᠭᠦ ᠨᠢ ᠣᠮᠤᠭᠰᠢᠯ


ᠦᠷ᠎ᠡ ᠶᠢᠨ ᠲᠦᠯᠦᠭᠡ ᠣᠷᠤᠭᠤᠳᠠᠳᠠᠭ ᠵᠢᠷᠦᠭᠡ ᠪᠠᠢ᠌ᠬᠤ ᠳ᠋ᠤ

ᠦᠨᠳᠦᠰᠦᠳᠠᠨ ᠤ ᠲᠦᠯᠦᠭᠡ ᠥᠭᠡᠳᠡᠯᠡᠳᠡᠭ᠌ ᠰᠡᠳᠭᠢᠯ ᠪᠠᠢ᠌ᠳᠠᠭ

ᠦᠪᠡᠷ ᠤᠨ ᠪᠠᠶ᠎ᠠ ᠳᠤ ᠪᠠᠨ ᠬᠠᠷᠢᠭᠤᠴᠠᠵᠤ ᠴᠢᠳᠠᠬᠤ ᠨᠢ

ᠦᠷᠦᠭᠡᠯ ᠪᠣᠰᠤᠳ ᠤᠨ ᠪᠠᠶᠠᠷ ᠴᠡᠩᠭᠡᠯ ᠯᠠ ᠭᠡᠵᠤ ᠮᠡᠳᠡ


ᠪᠢᠯᠢᠭᠦᠨ ᠪᠠᠶ᠎ᠠ ᠪᠠᠨ ᠦᠷ᠎ᠡ ᠳᠤ ᠪᠠᠨ ᠵᠤᠷᠢᠭᠤᠯᠬᠤ ᠨᠢ

ᠪᠢᠯᠢᠭ᠌ ᠰᠠᠴᠠᠨ ᠳᠡᠭᠡᠳᠦᠰ ᠤᠨ ᠶᠤᠰᠤᠨ ᠭᠡᠭᠦ ᠤᠤ

ᠬᠠᠰ ᠤᠨ ᠪᠠᠶ᠎ᠠ ᠪᠠᠨ ᠬᠠᠷᠢᠯᠴᠠᠨ ᠦᠷᠡᠭ᠍ᠳᠡᠭᠦᠯᠭᠦ ᠨᠢ

ᠬᠠᠨᠢ ᠶᠢᠨ ᠵᠢᠷᠤᠮ᠂ ᠢᠨᠠᠭ ᠤᠨ ᠬᠠᠢ᠌ᠷ᠎ᠠ ᠭᠡᠭᠦ ᠤᠤ


ᠣᠴᠠᠭᠠᠷᠳᠠᠵᠤ ᠣᠶᠠᠷᠠᠬᠤ ᠡᠵᠢ ᠴᠢᠨᠢ

ᠣᠴᠢᠷ ᠢ ᠳᠤᠩᠭ᠋ᠠᠬᠤ ᠠᠷᠢᠭᠤᠨ ᠰᠠᠨᠠᠭᠠᠳᠠᠨ

ᠭᠡᠨᠡᠨ ᠭᠦᠳᠦᠰᠭᠡᠨ ᠠᠪᠣ ᠴᠢᠨᠢ

ᠭᠡᠳᠤ ᠬᠤᠯᠠ ᠶᠢᠨ ᠤᠬᠠᠭᠠᠨᠲᠠᠨ


ᠲ᠋ᠦᠷᠦᠭ᠍ᠰᠡᠨ ᠭᠡᠷ ᠲᠤ ᠪᠠᠨ ᠲᠦᠯᠡᠭᠡ ᠣᠪᠣᠭᠠᠯᠠᠬᠤ ᠪᠣᠳᠤᠯ ᠳᠠᠢ

ᠳᠦᠭᠡᠷᠢᠭ᠍ᠰᠡᠨ ᠰᠦᠨᠢ ᠪᠠᠷ ᠭᠠᠯ ᠨᠤᠴᠤᠭᠠᠬᠤ ᠣᠬᠠᠭᠠᠨ ᠳᠠᠢ

ᠳᠦᠷᠤᠯᠭᠢ ᠨᠤᠳᠤᠭ ᠤᠨ ᠭᠦᠮᠤᠨ ᠠᠷᠠᠤᠨ ᠲᠤ ᠪᠠᠨ ᠭᠦᠷᠢᠶᠡᠯᠡᠯ ᠳᠠᠢ

ᠲᠦᠪ ᠶᠡᠭᠡᠮᠰᠦᠭ᠌ ᠰᠠᠢ᠌ᠨ ᠡᠷ᠎ᠡ ᠶᠠᠪᠣᠭᠠᠷᠠᠢ


ᠵᠤᠬᠢᠶᠠᠭᠴᠢ ᠶᠢᠨ ᠬᠠ‍‌ᠶᠢᠭ ᠄ ᠰᠦᠨᠢᠳ ᠪᠠᠷᠠᠭᠤᠨ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ

ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2011 ᠤᠨ ᠤ 04 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ