☆ ᠯᠧ᠊·ᠮᠥᠩᠭᠡ
ᠨᠠᠷᠠ ᠡᠭᠦᠷᠦᠭ᠍ᠰᠡᠨ ᠰᠢᠪᠠᠭᠤ
ᠦᠨᠳᠦᠷ ᠦᠨᠳᠦᠷ ᠠᠭᠤᠯᠠᠨ ᠳᠡᠭᠡᠷ᠎ᠡ ᠭᠠᠷᠪᠠᠯ
ᠵᠢᠷᠤᠭ᠎ᠠ ᠮᠤᠷᠢ ᠪᠠᠨ ᠰᠠᠨᠠᠨ᠎ᠠ
ᠶᠠᠭᠠᠭᠢᠭᠠᠤᠨ ᠰᠠᠨᠠᠯ᠎ᠠ ᠭᠡᠪᠠᠯ
ᠵᠢᠷᠤᠭᠠᠯᠠᠵᠤ ᠶᠠᠪᠣᠭᠰᠠᠨ ᠶᠢᠡᠨ ᠰᠠᠨᠠᠯ᠎ᠠ᠃
ᠦᠨᠳᠦᠷ ᠦᠨᠳᠦᠷ ᠠᠭᠤᠯᠠᠨ ᠳᠡᠭᠡᠷ᠎ᠡ ᠭᠠᠷᠪᠠᠯ
ᠡᠵᠡᠨ ᠨᠤᠶᠠᠨ ᠶᠢᠡᠨ ᠰᠠᠨᠠᠨ᠎ᠠ
ᠶᠠᠭᠠᠭᠢᠭᠠᠤᠨ ᠰᠠᠨᠠᠯ᠎ᠠ ᠭᠡᠪᠠᠯ
ᠡᠵᠡᠯᠡᠵᠤ ᠪᠠᠢ᠌ᠭᠰᠠᠨ ᠶᠢᠡᠨ ᠰᠠᠨᠠᠯ᠎ᠠ᠃
᠊᠊᠊᠊᠊᠊᠊᠊᠊᠊᠊᠊᠊᠊᠊ ᠾᠸᠨᠠᠨ ᠠᠷᠠᠤᠨ ᠤᠨ ᠳᠠᠭᠤᠤ ᠡᠴᠡ
ᠭᠦᠢᠳᠡᠨ ᠰᠢᠭᠤᠷᠭᠠᠨ ᠳᠤ ᠭᠦᠯ ᠠᠯᠳᠠᠮᠠᠷ ᠦᠭᠡᠶ
ᠵᠢᠯ ᠤᠨ ᠠᠶᠠᠨ ᠳᠤ ᠵᠢᠭᠦᠷ ᠬᠤᠮᠢᠮᠠᠷ ᠦᠭᠡᠶ
ᠭᠦᠭᠡᠷᠦᠭᠦᠢ ᠡᠨᠡ ᠰᠢᠪᠠᠭᠤ
ᠭᠦᠭᠡ ᠮᠤᠩᠭ᠋ᠤᠯ ᠡᠴᠡ ᠢᠷᠠᠯᠳᠠᠢ
ᠵᠤᠨ ᠤ ᠪᠦᠭ᠍ᠴᠢᠮ ᠬᠠᠯᠠᠭᠤᠨ ᠳᠤ ᠴᠤ
ᠨᠤᠵᠤᠭᠤᠷᠠᠵᠤ ᠣᠠᠳᠠᠭ᠎ᠠ ᠦᠭᠡᠶ
ᠨᠠᠷᠠ ᠪᠠᠨ ᠡᠭᠦᠷᠦᠭ᠍ᠰᠡᠨ ᠡᠨᠡ ᠰᠢᠪᠠᠭᠤᠨ ᠳᠤ
ᠡᠷ᠎ᠡ ᠶᠢᠨ ᠬᠠᠳᠠᠭᠤ ᠵᠤᠷᠢᠭ ᠪᠣᠢ
ᠡᠭᠡ ᠶᠢᠨ ᠡᠨᠡᠷᠢᠩᠭᠦᠢ ᠵᠤᠷᠢᠭ ᠪᠣᠢ
ᠲᠦᠷᠦᠯᠭᠢ ᠶᠢᠨ ᠰᠠᠢ᠌ᠬᠠᠨ ᠳᠠᠭᠤ ᠪᠠᠷ
ᠳᠡᠭ᠍ᠷᠢ ᠶᠢᠨ ᠳᠠᠩᠨᠠᠢ ᠳᠤ ᠳᠤᠩᠭ᠋ᠤᠤᠠᠴᠤ
ᠳᠡᠭᠡᠳᠦᠰ ᠤᠨ ᠠᠷᠢᠭᠤᠨ ᠨᠤᠳᠤᠭ ᠶᠢᠡᠨ
ᠳᠠᠯᠪᠢᠵᠤ ᠣᠷᠭᠢᠭ᠎ᠠ ᠦᠭᠡᠶ
ᠨᠠᠷᠠ ᠪᠠᠨ ᠡᠭᠦᠷᠦᠭ᠍ᠰᠡᠨ ᠡᠨᠡ ᠰᠢᠪᠠᠭᠤ
ᠨᠠᠷᠠ ᠳᠠᠰᠢᠭᠰᠠᠨ ᠪᠠᠭᠤᠷᠢ ᠡᠴᠡ
ᠨᠢᠭᠡ ᠡᠳᠦᠷ ᠤᠨ ᠠᠶᠠᠨ ᠶᠢᠡᠨ ᠭᠦᠳᠦᠯᠦᠨᠡ
ᠨᠠᠷᠭᠢᠵᠤ ᠴᠠᠯᠭᠢᠯᠠᠬᠤ ᠬᠤᠷᠸ᠎ᠠ ᠳᠤ
ᠨᠠᠢ᠌ᠷ ᠦᠭᠡᠶ ᠥᠨᠦᠴᠢᠷᠡᠭ᠍ᠰᠡᠨ ᠡᠨᠡ ᠰᠢᠪᠠᠭᠤ
ᠨᠢ᠋ᠮᠠᠨ ᠰᠢᠷᠭ᠎ᠠ ᠶᠢᠨ ᠳᠤᠭᠤᠰᠤ ᠶᠢ
ᠨᠠᠷᠠᠨ ᠤ ᠬᠠᠮᠳᠤ ᠡᠭᠦᠷᠦᠭ᠍ᠰᠡᠭᠡᠷ ᠡ᠃
ᠵᠤᠬᠢᠶᠠᠭᠴᠢ᠄ ᠯᠧ᠊·ᠮᠥᠩᠭᠡ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3100
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ