☆ ᠣᠶᠤᠠᠳᠠᠯᠠᠢ
ᠨᠠᠮ ᠮᠢᠨᠢ
ᠦᠪᠡᠷ ᠤᠨ ᠡᠵᠢ ᠡᠴᠠ ᠪᠠᠨ ᠰᠠᠯᠠᠬᠤ ᠳ᠋ᠤ
ᠨᠠᠮ ᠨᠠᠮᠢ᠋ᠢ ᠡᠯᠢᠭᠡᠨ ᠳᠡᠭᠡᠨ ᠳᠠᠪᠠᠷᠢᠪᠠ᠃
ᠦᠨᠦᠴᠢᠨ ᠦᠷᠦᠭᠡᠰᠤᠨ ᠪᠣᠯᠤᠯ᠎ᠠ ᠭᠡᠳ
ᠨᠠᠮ ᠨᠠᠳᠠ ᠶᠢ ᠭᠤᠯᠤᠭᠰᠠᠨ ᠦᠭᠡᠶ᠃
ᠦᠯᠪᠠᠷᠴᠤ ᠥᠯᠦᠰᠭᠦ ᠶᠢᠨ ᠦᠶ᠎ᠡ ᠳ᠋ᠤ
ᠨᠠᠮ ᠨᠠᠳᠠ ᠶᠢ ᠳᠡᠵᠢᠭᠡᠨ ᠥᠰᠭᠡᠪᠡ᠃
ᠥᠰᠦᠭ᠌ ᠪᠢᠴᠢᠭ᠌ ᠮᠡᠳᠡᠭᠦ ᠦᠭᠡᠶ ᠦᠶ᠎ᠡ ᠳᠤ
ᠨᠠᠮ ᠨᠠᠳᠠ ᠶᠢ ᠰᠤᠶᠤᠯ ᠶᠢᠡᠷ ᠭᠡᠢ᠌ᠭᠦᠯᠪᠡ᠃
ᠵᠥᠭ᠌ ᠶᠢᠡᠨ ᠠᠯᠳᠠᠭᠠᠤᠨ ᠳᠦᠭᠡᠷᠢᠭᠦ ᠳ᠋ᠤ
ᠨᠠᠮ ᠴᠢᠭᠯᠡᠯ ᠢ ᠮᠢᠨᠢ ᠵᠢᠭᠠᠭᠰᠠᠨ᠃
ᠵᠤᠪᠠᠵᠤ ᠵᠦᠳᠠᠷᠠᠵᠤ ᠶᠠᠪᠣᠬᠤ ᠳ᠋ᠤ
ᠨᠠᠮ ᠨᠠᠮᠢ᠋ᠢ ᠬᠠᠯᠠᠮᠵᠢᠯᠠᠵᠤ ᠳᠡᠮᠵᠢᠭ᠍ᠰᠡᠨ᠃
ᠶᠠᠳᠠᠭᠤ ᠭᠦᠴᠢᠷᠳᠡᠢ ᠠᠮᠢᠳᠤᠷᠠᠯ ᠢ
ᠨᠠᠮ ᠲᠡᠳᠬᠦᠵᠤ ᠪᠠᠶᠠᠵᠢᠭᠤᠯᠤᠭᠰᠠᠨ᠃
ᠢᠷᠠᠭᠤ ᠨᠠᠢ᠌ᠷᠠᠭ ᠪᠢᠴᠢᠭᠦ ᠳ᠋ᠡᠭᠡᠨ
ᠨᠠᠮ ᠶᠢᠡᠨ ᠪᠢ ᠮᠠᠭᠳᠠᠨ᠎ᠠ᠃
ᠡᠩᠭᠦᠷᠡᠢ ᠬᠠᠢ᠌ᠷᠠᠳᠤ ᠨᠠᠮ ᠤᠨ ᠵᠢᠠᠨ
ᠡᠯᠢᠭᠡᠨ ᠳᠡᠭᠡᠷ᠎ᠡ ᠨᠢ ᠥᠰᠦᠭ᠍ᠰᠡᠨ ᠪᠢ
ᠡᠭᠡ ᠣᠷᠤᠨ ᠨᠠᠮ ᠬᠤᠶᠠᠷ ᠳᠠᠭᠠᠨ
ᠡᠨᠡ ᠪᠠᠶ᠎ᠠ ᠪᠠᠨ ᠵᠤᠷᠢᠭᠤᠯᠤᠨ᠎ᠠ᠃
ᠡᠵᠡᠷᠭᠡᠭ᠌ ᠳᠠᠢ᠌ᠰᠤᠨ ᠬᠠᠯᠳᠠᠪᠠᠯ
ᠠᠮᠢ ᠪᠠᠨ ᠴᠥᠯᠡᠭᠡᠳ ᠳᠠᠮᠠᠴᠠᠨᠠ᠃
ᠡᠩᠭᠡ ᠳᠠᠢ᠌ᠪᠣᠩ ᠤᠨ ᠲᠦᠯᠦᠭᠡ
ᠠᠷᠢᠭᠤᠨ ᠴᠢᠰᠤ ᠪᠠᠨ ᠣᠷᠤᠰᠬᠠᠨᠠ᠃
ᠭᠦᠡᠳᠦᠳᠤ ᠨᠠᠮ ᠤᠨ ᠶᠢᠡᠨ ᠰᠤᠷᠭᠠᠯ ᠢ
ᠭᠦᠯᠢᠶᠡᠵᠤ ᠪᠢ ᠰᠤᠨᠤᠰᠤᠨ᠎ᠠ᠃
ᠭᠦᠮᠦᠵᠢᠭᠦᠯᠵᠤ ᠪᠣᠢ᠌ᠵᠢᠭᠤᠯᠤᠭᠰᠠᠨ ᠠᠴᠢ ᠶᠢ ᠨᠢ
ᠭᠦᠳᠡᠯᠮᠦᠷᠢ ᠵᠢᠳᠭᠦᠯ ᠶᠢᠡᠷ ᠶᠢᠡᠨ ᠬᠠᠷᠢᠭᠤᠯᠤᠨ᠎ᠠ᠃
ᠠᠯᠳᠠᠨ ᠠᠶᠠᠭᠠᠨ ᠡᠴᠠ ᠷᠠᠰᠢᠶᠠᠨ ᠣᠤᠭᠤᠯᠭᠠᠭᠰᠠᠨ
ᠨᠠᠮ ᠶᠢᠡᠨ ᠪᠢ ᠮᠠᠷᠳᠠᠬᠤ ᠦᠭᠡᠶ᠃
ᠠᠮᠢ ᠲᠡᠶ ᠶᠠᠪᠣᠭᠰᠠᠨ ᠴᠠᠭ ᠲᠤ ᠯᠠ
ᠨᠠᠮ ᠳᠠᠭᠠᠨ ᠵᠢᠳᠭᠦᠵᠤ ᠶᠠᠪᠣᠨ᠎ᠠ᠃
ᠵᠤᠬᠢᠶᠠᠭᠴᠢ ᠶᠢᠨ ᠬᠠᠶᠢᠭ ᠄ ᠪᠠᠶᠠᠨᠠᠭᠤᠷ ᠬᠤᠳᠠ ᠶᠢᠨ ᠳ᠋ᠸᠩᠺᠧᠤ ᠰᠢᠶᠠᠨ ᠤ ᠰᠤᠶᠤᠯ ᠤᠨ ᠦᠷᠳᠡᠭᠡ
ᠵᠤᠬᠢᠶᠠᠭᠴᠢ᠄ ᠣᠶᠤᠠᠳᠠᠯᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3594
ᠴᠠᠭ᠄ 2011 ᠤᠨ ᠤ 06 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ