ᠨᠡᠪᠲᠡᠷᠡᠨ ᠤᠷᠤᠬᠤ
ᠶ‍ᠢᠷᠳᠢᠠᠴᠤ ᠶᠢᠨ ᠭᠤᠷᠪᠠ

ᠠᠭᠤᠤ ᠮᠤᠩᠭ᠋ᠤᠯ ᠤᠨ ᠰᠦᠯᠳᠡ ᠨᠢᠭᠡ ᠭᠦᠭᠡ

ᠠᠨᠠᠪᠠᠤᠨ ᠳᠠᠯᠠᠢ ᠶᠢᠨ ᠣᠰᠤ ᠨᠢᠭᠡ ᠭᠦᠭᠡ

ᠠᠰᠬ᠎ᠠ ᠬᠠᠳᠠᠨ ᠤ ᠥᠩᠭᠡ ᠨᠢᠭᠡ ᠭᠦᠭᠡ


ᠠᠯᠳᠠ ᠪᠠᠶ᠎ᠠ ᠳᠤ ᠠᠮᠠ ᠭᠡᠷᠡᠴᠢ

ᠠᠯᠪᠠᠨ ᠪᠢᠴᠢᠭ᠌ ᠲᠤ ᠳᠠᠮᠠᠭ᠎ᠠ ᠭᠡᠷᠡᠴᠢ

ᠠᠭᠳᠠ ᠮᠤᠷᠢᠨ ᠳᠤ ᠵᠢᠰᠤᠮ ᠭᠡᠷᠡᠴᠢ


ᠠᠪᠣ ᠡᠵᠢ ᠶᠢᠨ ᠬᠤᠯᠪᠣᠭ᠎ᠠ ᠨᠢ ᠨᠢᠭᠡ

ᠠᠬ᠎ᠠ ᠳᠡᠭᠦᠤ ᠶᠢᠨ ᠦᠮᠴᠢ ᠨᠢ ᠨᠢᠭᠡ

ᠠᠠᠵᠢᠰᠤ ᠥᠭᠡᠷ ᠤᠨ ᠲᠦᠷᠦ ᠨᠢ ᠨᠢᠭᠡ


ᠠᠬ᠎ᠠ ᠳᠡᠭᠦᠤ ᠲᠡᠶ ᠪᠠᠨ ᠭᠡᠷᠡᠯᠳᠦᠵᠤ ᠵᠢᠭᠤᠷᠠᠯᠳᠤᠬᠤ ᠮᠠᠭᠤᠬᠠᠢ

ᠠᠪᠣ ᠡᠵᠢ ᠪᠠᠨ ᠵᠠᠩᠨᠠᠵᠤ ᠬᠠᠷᠢᠶᠠᠬᠤ ᠮᠠᠭᠤᠬᠠᠢ

ᠠᠷᠢᠭᠢ ᠳᠠᠮᠠᠭᠢ ᠲᠡᠶ ᠨᠠᠢ᠌ᠵᠠᠯᠠᠵᠤ ᠨᠥᠭᠦᠷᠯᠡᠭᠦ ᠮᠠᠭᠤᠬᠠᠢ


ᠠᠳᠤᠭᠤ ᠮᠠᠯ ᠤᠨ ᠳᠤᠭᠤᠷᠠᠢ ᠨᠢᠭᠡ ᠬᠠᠳᠠᠭᠤ

ᠠᠰᠬ᠎ᠠ ᠬᠠᠳᠠᠨ ᠤ ᠴᠢᠯᠠᠭᠤ ᠨᠢᠭᠡ ᠬᠠᠳᠠᠭᠤ

ᠠᠪᠣ ᠡᠵᠢ ᠶᠢᠨ ᠰᠤᠷᠭᠠᠯ ᠨᠢᠭᠡ ᠬᠠᠳᠠᠭᠤ


ᠠᠪᠣ ᠡᠵᠢ ᠦᠷ᠎ᠡ ᠳᠤ ᠪᠠᠨ ᠨᠢᠭᠡ ᠳᠦᠰᠢᠭ᠌

ᠠᠮᠠᠭᠠᠢ ᠬᠠᠵᠠᠭᠠᠷ ᠮᠤᠷᠢ ᠳᠤ ᠪᠠᠨ ᠨᠢᠭᠡ ᠳᠦᠰᠢᠭ᠌

ᠠᠭᠤᠯᠠ ᠬᠠᠳᠠ ᠠᠢ᠌ᠯ ᠳᠤ ᠪᠠᠨ ᠨᠢᠭᠡ ᠳᠦᠰᠢᠭ᠌


ᠠᠪᠠ ᠶᠢᠨ ᠨᠢᠭᠡ ᠪᠠᠬ᠎ᠠ

ᠨᠠᠭᠠᠳᠤᠮ ᠤᠨ ᠨᠢᠭᠡ ᠪᠠᠬ᠎ᠠ

ᠡᠷᠳᠡᠮ ᠤᠨ ᠨᠢᠭᠡ ᠪᠠᠬ᠎ᠠ


ᠡᠷᠳᠡᠨᠢ ᠶᠢᠨ ᠵᠣᠢ᠌ᠯ ᠡᠴᠡ ᠠᠯᠳᠠ ᠨᠢᠭᠡ ᠰᠢᠷ᠎ᠠ

ᠡᠳ᠋ ᠤᠨ ᠵᠣᠢ᠌ᠯ ᠡᠴᠡ ᠵᠠᠩᠴᠢ ᠨᠢᠭᠡ ᠰᠢᠷ᠎ᠠ

ᠢᠳᠡᠭᠡᠨ ᠤ ᠵᠣᠢ᠌ᠯ ᠡᠴᠡ ᠣᠭᠤᠷᠠᠭ ᠨᠢᠭᠡ ᠰᠢᠷ᠎ᠠ


ᠡᠳᠦᠷ ᠤᠨ ᠨᠠᠷᠠᠨ ᠤ ᠰᠡᠭᠦᠳᠡᠷ ᠨᠢ ᠬᠠᠷ᠎ᠠ

ᠡᠯᠢᠭᠡ ᠮᠠᠭᠤᠳᠠᠨ ᠤ ᠵᠢᠷᠦᠭᠡ ᠨᠢ ᠬᠠᠷ᠎ᠠ

ᠡᠯᠵᠢᠭᠡ ᠮᠠᠯ ᠤᠨ ᠳᠤᠭᠤᠷᠠᠢ ᠨᠢ ᠬᠠᠷ᠎ᠠ


ᠡᠭᠦᠯᠡ ᠦᠭᠡᠶ ᠡᠳᠦᠷ ᠰᠠᠢ᠌ᠬᠠᠨ

ᠡᠪᠡᠳᠴᠢᠨ ᠦᠭᠡᠶ ᠪᠠᠶ᠎ᠠ ᠰᠠᠢ᠌ᠬᠠᠨ

ᠡᠪᠳᠡᠷᠡᠯ ᠦᠭᠡᠶ ᠠᠮᠢᠳᠤᠷᠠᠯ ᠰᠠᠢ᠌ᠬᠠᠨ


ᠡᠴᠢᠭᠡ ᠡᠭᠡ ᠴᠢᠰᠤᠨ ᠤ ᠬᠤᠯᠪᠣᠭ᠎ᠠ

ᠡᠷ᠎ᠡ ᠡᠮ᠎ᠡ ᠨᠠᠰᠤᠨ ᠤ ᠬᠤᠯᠪᠣᠭ᠎ᠠ

ᠡᠮᠡᠭᠡᠯ ᠮᠤᠷᠢ ᠵᠠᠮ ᠤᠨ ᠬᠤᠯᠪᠣᠭ᠎ᠠ


ᠡᠴᠡᠭ᠍ᠰᠡᠨ ᠮᠤᠷᠢᠨ ᠳᠤ ᠡᠮᠡᠭᠡᠯ ᠨᠢᠭᠡ ᠭᠦᠡᠳᠤ

ᠶᠠᠳᠠᠭᠰᠠᠨ ᠭᠦᠮᠤᠨ ᠳᠤ ᠴᠢᠭᠢ ᠨᠢᠭᠡ ᠭᠦᠡᠳᠤ

ᠢᠴᠢᠭ᠍ᠰᠡᠨ ᠭᠦᠮᠤᠨ ᠳᠤ ᠥᠭᠡ ᠨᠢᠭᠡ ᠭᠦᠡᠳᠤ


ᠡᠨᠡᠷᠢᠯᠳᠤ ᠡᠵᠢ ᠶᠢᠨ ᠰᠥ᠋ ᠨᠢᠭᠡ ᠠᠷᠢᠭᠤᠨ

ᠡᠴᠢᠭᠡ ᠭᠦᠮᠤᠨ ᠤ ᠰᠡᠳᠭᠢᠯ ᠨᠢᠭᠡ ᠠᠷᠢᠭᠤᠨ

ᠡᠷᠳᠡᠮᠳᠤ ᠪᠠᠭᠰᠢ ᠶᠢᠨ ᠰᠤᠷᠭᠠᠯ ᠨᠢᠭᠡ ᠠᠷᠢᠭᠤᠨ


ᠡᠷᠭᠢ ᠡᠴᠡ ᠪᠠᠭᠤᠭᠰᠠᠨ ᠣᠰᠤ ᠨᠢᠭᠡ ᠳᠤᠯᠭᠢᠨ

ᠦᠨᠳᠦᠷ ᠡᠴᠡ ᠣᠨᠠᠭᠰᠠᠨ ᠴᠢᠯᠠᠭᠤ ᠨᠢᠭᠡ ᠳᠤᠯᠭᠢᠨ

ᠦᠯᠦᠩ ᠡᠴᠡ ᠨᠤᠴᠤᠭᠰᠠᠨ ᠭᠠᠯ ᠨᠢᠭᠡ ᠳᠤᠯᠭᠢᠨ


ᠡᠷ᠎ᠡ ᠳᠤᠮᠳᠠ ᠡᠮ᠎ᠡ ᠡᠴᠡ ᠪᠠᠨ ᠰᠠᠯᠬᠤ ᠭᠡᠴᠡᠭᠦᠤ

ᠡᠭᠡᠷᠡᠮ᠎ᠡ ᠳᠠᠯ᠎ᠠ ᠳᠤ ᠮᠤᠷᠢ ᠡᠴᠡ ᠪᠠᠨ ᠰᠠᠯᠬᠤ ᠭᠡᠴᠡᠭᠦᠤ

ᠡᠩᠭᠦᠷᠡᠢ ᠪᠠᠭ᠎ᠠ ᠳᠤ ᠡᠭᠡ ᠡᠴᠡ ᠪᠠᠨ ᠰᠠᠯᠬᠤ ᠭᠡᠴᠡᠭᠦᠤ


ᠡᠷᠭᠡᠳᠡᠨ ᠤ ᠵᠣᠢ᠌ᠯ ᠡᠴᠡ ᠴᠢᠭᠢ ᠨᠢᠭᠡ ᠭᠡᠯᠳᠡᠭᠡᠢ

ᠡᠳ᠋ ᠤᠨ ᠵᠣᠢ᠌ᠯ ᠡᠴᠡ ᠳᠤᠮᠪᠣ ᠨᠢᠭᠡ ᠭᠡᠯᠳᠡᠭᠡᠢ

ᠡᠷᠳᠡᠨᠢ ᠶᠢᠨ ᠵᠣᠢ᠌ᠯ ᠡᠴᠡ ᠳᠤᠩ ᠨᠢᠭᠡ ᠭᠡᠯᠳᠡᠭᠡᠢ


ᠡᠴᠡᠭ᠍ᠰᠡᠨ ᠮᠤᠷᠢᠨ ᠳᠤ ᠭᠠᠵᠠᠷ ᠨᠢᠭᠡ ᠬᠤᠯᠠ

ᠡᠪ ᠮᠠᠭᠤᠳᠤ ᠳᠤ ᠨᠥᠭᠦᠷ ᠨᠢᠭᠡ ᠬᠤᠯᠠ

ᠥᠯᠦᠰᠦᠭ᠍ᠰᠡᠨ ᠭᠦᠮᠤᠨ ᠳᠤ ᠡᠳᠦᠷ ᠨᠢᠭᠡ ᠬᠤᠯᠠ


ᠡᠭᠦᠷ ᠶᠢᠡᠨ ᠵᠠᠰᠠᠭᠰᠠᠨ ᠦᠭᠡᠶ ᠰᠢᠪᠠᠭᠤ ᠪᠠᠭᠡᠷᠡᠭ᠌

ᠡᠪᠦᠯ ᠶᠢᠡᠨ ᠮᠠᠷᠳᠠᠭᠰᠠᠨ ᠠᠮᠢᠳᠤᠷᠠᠯ ᠪᠠᠭᠡᠷᠡᠭ᠌

ᠡᠪᠦᠯᠵᠢᠶ᠎ᠡ ᠪᠠᠭᠤᠴᠠ ᠦᠭᠡᠶ ᠮᠠᠯ ᠪᠠᠭᠡᠷᠡᠭ᠌


ᠡᠮᠨᠢᠭ᠌ ᠮᠤᠷᠢ ᠡᠵᠡᠨ ᠳᠤ ᠪᠠᠨ ᠬᠠᠯᠠᠳᠠᠢ

ᠡᠭ᠍ᠳᠡᠭᠦᠤ ᠰᠠᠨᠠᠭ᠎ᠠ ᠪᠠᠶ᠎ᠠ ᠳᠤ ᠪᠠᠨ ᠬᠠᠯᠠᠳᠠᠢ

ᠡᠷᠭᠢᠭᠦᠤ ᠡᠷ᠎ᠡ ᠡᠮ᠎ᠡ ᠳᠤ ᠪᠠᠨ ᠬᠠᠯᠠᠳᠠᠢ


ᠡᠵᠡᠨ ᠮᠠᠭᠤᠳᠤ ᠶᠢᠨ ᠬᠤᠷᠤᠭ᠎ᠠ ᠭᠦᠢᠳᠡᠨ

ᠡᠭᠡ ᠮᠠᠭᠤᠳᠤ ᠶᠢᠨ ᠬᠤᠭᠤᠯᠠ ᠭᠦᠢᠳᠡᠨ

ᠡᠪ ᠮᠠᠭᠤᠳᠤ ᠶᠢᠨ ᠴᠢᠷᠠᠢ ᠭᠦᠢᠳᠡᠨ


ᠡᠳ᠋ ᠭᠦᠷᠦᠩᠭᠡ ᠦᠭᠡᠶ ᠨᠢᠭᠡ ᠶᠠᠳᠠᠭᠤ

ᠡᠶ᠎ᠡ ᠡᠪ ᠦᠭᠡᠶ ᠨᠢᠭᠡ ᠶᠠᠳᠠᠭᠤ

ᠡᠷᠳᠡᠮ ᠨᠤᠮ ᠦᠭᠡᠶ ᠨᠢᠭᠡ ᠶᠠᠳᠠᠭᠤ


ᠡᠳ᠋ ᠲᠤᠷ ᠦᠯᠦ ᠣᠷᠪᠠᠭᠴᠢ ᠡᠷᠡᠰ ᠤᠨ ᠳᠡᠭᠡᠳᠤ

ᠡᠷ᠎ᠡ ᠳᠤᠷ ᠦᠯᠦ ᠵᠠᠩᠨᠠᠭᠴᠢ ᠡᠮᠡᠰ ᠤᠨ ᠳᠡᠭᠡᠳᠤ

ᠡᠷᠳᠡᠮ ᠳᠤᠷ ᠦᠯᠦ ᠪᠠᠷᠳᠠᠮᠨᠠᠭᠴᠢ ᠮᠡᠷᠭᠡᠳ ᠤᠨ ᠳᠡᠭᠡᠳᠤ


ᠡᠭᠡ ᠳᠤ ᠦᠷ᠎ᠡ ᠨᠢᠭᠡ ᠰᠠᠢ᠌ᠬᠠᠨ

ᠡᠮᠡᠭᠡᠯ ᠳᠤ ᠭᠠᠠᠵᠤᠭ᠎ᠠ ᠨᠢᠭᠡ ᠰᠠᠢ᠌ᠬᠠᠨ

ᠡᠷ᠎ᠡ ᠳᠤ ᠴᠢᠳᠠᠯ ᠨᠢᠭᠡ ᠰᠠᠢ᠌ᠬᠠᠨ


ᠡᠴᠡᠭ᠍ᠰᠡᠨ ᠮᠤᠷᠢᠨ ᠳᠤ ᠳᠠᠰᠢᠭᠤᠷ ᠣᠯᠠᠨ

ᠡᠭᠡᠯ ᠭᠦᠮᠤᠨ ᠳᠤ ᠨᠤᠶᠠᠨ ᠣᠯᠠᠨ

ᠡᠶ᠎ᠡ ᠦᠭᠡᠶ ᠭᠦᠮᠤᠨ ᠳᠤ ᠦᠰᠳᠠᠨ ᠣᠯᠠᠨ


ᠡᠮ᠎ᠡ ᠡᠷ᠎ᠡ ᠳᠤ ᠪᠠᠨ ᠨᠢᠭᠡ ᠲᠦᠰᠢᠶ᠎ᠠ

ᠡᠷᠡᠤ ᠠᠮᠠᠨ ᠳᠤ ᠪᠠᠨ ᠨᠢᠭᠡ ᠲᠦᠰᠢᠶ᠎ᠠ

ᠡᠪᠦᠳᠦᠭ᠌ ᠭᠤᠶ᠎ᠠ ᠳᠤ ᠪᠠᠨ ᠨᠢᠭᠡ ᠲᠦᠰᠢᠶ᠎ᠠ


ᠡᠷᠭᠢᠵᠤ ᠪᠠᠭᠤᠬᠤ ᠳᠤ ᠨᠤᠳᠤᠭ ᠰᠠᠢ᠌ᠬᠠᠨ

ᠡᠷᠭᠢᠭᠦᠯᠵᠤ ᠮᠥᠯᠵᠢᠭᠦ ᠳᠤ ᠭᠦᠵᠦᠭᠦᠤ ᠰᠠᠢ᠌ᠬᠠᠨ

ᠡᠷᠭᠡᠯᠡᠵᠤ ᠠᠭᠠᠰᠢᠯᠠᠬᠤ ᠳᠤ ᠦᠷ᠎ᠡ ᠰᠠᠢ᠌ᠬᠠᠨ


ᠢᠰᠡᠭᠡᠢ ᠶᠢᠨ ᠵᠤᠵᠠᠭᠠᠨ ᠨᠢ ᠨᠢᠭᠡ ᠰᠠᠢ᠌ᠨ

ᠢᠯᠳᠤ ᠶᠢᠨ ᠨᠢᠮᠭᠡᠨ ᠨᠢ ᠨᠢᠭᠡ ᠰᠠᠢ᠌ᠨ

ᠢᠳᠡᠭᠡᠨ ᠤ ᠠᠮᠳᠠᠳᠠᠢ ᠨᠢ ᠨᠢᠭᠡ ᠰᠠᠢ᠌ᠨ


ᠣᠠᠳᠤᠷᠴᠤ ᠪᠠᠢ᠌ᠭ᠎ᠠ ᠪᠣᠯᠠᠭ ᠰᠠᠢ᠌ᠬᠠᠨ

ᠣᠷᠭᠤᠵᠤ ᠪᠠᠢ᠌ᠭ᠎ᠠ ᠴᠡᠴᠡᠭ᠌ ᠰᠠᠢ᠌ᠬᠠᠨ

ᠦᠰᠴᠦ ᠪᠠᠢ᠌ᠭ᠎ᠠ ᠬᠡᠦᠬᠡᠳ ᠰᠠᠢ᠌ᠬᠠᠨ


ᠣᠭᠤᠰᠤᠷ ᠦᠭᠡᠶ ᠣᠷᠴᠢᠯᠠᠩ ᠠᠭᠤᠳᠠᠮ

ᠣᠯᠤᠮ ᠦᠭᠡᠶ ᠳᠠᠯᠠᠢ ᠠᠭᠤᠳᠠᠮ

ᠥᠵᠦᠭᠦᠷ ᠦᠭᠡᠶ ᠳᠠᠯ᠎ᠠ ᠠᠭᠤᠳᠠᠮ


ᠣᠷᠭᠤᠮᠠᠯ ᠪᠣᠳᠠᠰ ᠤᠨ ᠨᠠᠪᠴᠢ ᠨᠢᠭᠡ ᠨᠤᠭᠤᠭᠠᠨ

ᠤᠭ᠍ᠶᠤ ᠱᠢᠷᠤ ᠶᠢᠨ ᠴᠤᠭᠴᠠ ᠨᠢᠭᠡ ᠨᠤᠭᠤᠭᠠᠨ

ᠣᠰᠤ ᠨᠠᠭᠤᠷ ᠤᠨ ᠴᠡᠭᠡᠯ ᠨᠢᠭᠡ ᠨᠤᠭᠤᠭᠠᠨ


ᠣᠳᠤᠨ ᠮᠠᠴᠢᠳ ᠰᠦᠨᠢ ᠶᠢᠨ ᠴᠢᠮᠡᠭ᠌

ᠣᠶᠤᠨ ᠪᠢᠯᠢᠭ᠌ ᠪᠠᠶ᠎ᠠ ᠶᠢᠨ ᠴᠢᠮᠡᠭ᠌

ᠣᠢ ᠮᠤᠳᠤ ᠳᠠᠯ᠎ᠠ ᠶᠢᠨ ᠴᠢᠮᠡᠭ᠌


ᠥᠭᠡᠳᠡᠯᠡᠭᠦ ᠠᠢ᠌ᠯ ᠤᠨ ᠥᠭᠡ ᠨᠢ ᠨᠢᠭᠡ

ᠥᠰᠭᠦ ᠮᠠᠯ ᠤᠨ ᠵᠢᠰᠤ ᠨᠢ ᠨᠢᠭᠡ

ᠦᠰᠪᠦᠷᠢ ᠬᠡᠦᠬᠡᠳ ᠤᠨ ᠵᠠᠩ ᠨᠢ ᠨᠢᠭᠡ


ᠥᠷᠭᠦᠭᠡᠰᠤ ᠰᠢᠪᠦᠭᠡ ᠨᠢᠳᠤᠨ ᠳᠤ ᠬᠠᠳᠠᠭᠤ

ᠥᠭᠡᠷ ᠤᠨ ᠰᠢᠯᠢ ᠰᠢᠳᠤᠨ ᠳᠤ ᠬᠠᠳᠠᠭᠤ

ᠦᠨᠡᠨ ᠥᠭᠡ ᠴᠢᠭᠢᠨ ᠳᠤ ᠬᠠᠳᠠᠭᠤ


ᠨᠠᠷᠭᠢᠮ᠎ᠠ ᠵᠠᠯᠠᠭᠤ ᠨᠠᠰᠤᠨ ᠤ ᠣᠭᠢ

ᠨᠠᠮᠢᠷᠠᠭ᠎ᠠ ᠬᠤᠷ᠎ᠠ ᠪᠣᠷᠤᠭᠠᠨ ᠤ ᠣᠭᠢ

ᠨᠠᠮᠤᠷ ᠴᠠᠭ ᠣᠯᠠᠷᠢᠯ ᠤᠨ ᠣᠭᠢ


ᠨᠤᠮ ᠦᠭᠡᠶ ᠯᠠᠮᠠ ᠬᠤᠷᠠᠯ ᠡᠴᠡ ᠠᠶᠤᠬᠤ

ᠨᠤᠤᠯᠤᠭᠤᠷ ᠦᠭᠡᠶ ᠢᠮᠠᠭ᠎ᠠ ᠡᠪᠦᠯ ᠡᠴᠡ ᠠᠶᠤᠬᠤ

ᠨᠤᠳᠤᠭ ᠦᠭᠡᠶ ᠳᠡᠨᠦᠭᠦᠯᠴᠢ ᠭᠦᠭᠡᠭᠡᠭ᠍ᠳᠡᠭᠦ ᠡᠴᠡ ᠠᠶᠤᠬᠤ


ᠭᠦᠭᠡ ᠮᠠᠨᠠᠨ ᠳᠠᠳᠠᠪᠠᠯ ᠪᠣᠷᠤᠭᠠᠨ ᠣᠷᠤᠬᠤ ᠶᠢᠨ ᠳᠡᠮᠳᠡᠭ᠌

ᠭᠦᠮᠦᠰᠭᠡ ᠨᠢᠳᠤ ᠡᠷᠡᠢ᠌ᠪᠠᠯ ᠭᠡᠷᠡᠭᠦᠯ ᠪᠣᠯᠬᠤ ᠶᠢᠨ ᠳᠡᠮᠳᠡᠭ᠌

ᠭᠦᠢᠳᠡᠨ ᠳᠡᠭ᠍ᠷᠢ ᠮᠠᠯᠴᠠᠢ᠌ᠪᠠᠯ ᠭᠢᠷᠠᠭᠤ ᠣᠨᠠᠬᠤ ᠶᠢᠨ ᠳᠡᠮᠳᠡᠭ᠌


ᠪᠠᠶᠠᠤᠨ ᠠᠰᠢᠭ ᠶᠢᠡᠷ ᠨᠢᠭᠡ ᠬᠠᠩᠬᠤ ᠦᠭᠡᠶ

ᠳᠠᠯᠠᠢ ᠣᠰᠤ ᠪᠠᠷ ᠨᠢᠭᠡ ᠬᠠᠩᠬᠤ ᠦᠭᠡᠶ

ᠮᠡᠷᠭᠡᠳ ᠡᠷᠳᠡᠮ ᠶᠢᠡᠷ ᠨᠢᠭᠡ ᠬᠠᠩᠬᠤ ᠦᠭᠡᠶ


ᠪᠠᠷᠢᠵᠤ ᠳᠠᠯᠪᠢᠵᠤ ᠪᠠᠢ᠌ᠪᠠᠴᠤ ᠵᠡᠭᠦᠳᠤ ᠨᠢᠭᠡ ᠬᠤᠭᠤᠰᠤᠨ

ᠪᠠᠷᠠᠢ᠌ᠵᠤ ᠢᠷᠠᠢ᠌ᠵᠤ ᠪᠠᠢ᠌ᠪᠠᠴᠤ ᠵᠡᠷᠭᠡᠯᠭᠡᠨ ᠨᠢᠭᠡ ᠬᠤᠭᠤᠰᠤᠨ

ᠪᠠᠷᠭᠢᠷᠴᠤ ᠴᠠᠷᠭᠢᠷᠴᠤ ᠪᠠᠢ᠌ᠪᠠᠴᠤ ᠴᠤᠤᠷᠢᠶ᠎ᠠ ᠨᠢᠭᠡ ᠬᠤᠭᠤᠰᠤᠨ


ᠪᠠᠶᠠᠨ ᠲᠡᠶ ᠭᠠᠵᠠᠷ ᠪᠣᠭᠤᠯ ᠨᠢᠭᠡ ᠣᠯᠠᠨ

ᠪᠣᠶᠠᠨ ᠲᠡᠶ ᠭᠠᠵᠠᠷ ᠨᠢᠭᠦᠯ ᠨᠢᠭᠡ ᠣᠯᠠᠨ

ᠪᠣᠷᠬᠠᠨ ᠲᠡᠶ ᠭᠠᠵᠠᠷ ᠪᠣᠭ ᠨᠢᠭᠡ ᠣᠯᠠᠨ


ᠬᠠᠳᠠ ᠰᠠᠢ᠌ᠳᠠᠢ ᠥᠨᠡᠭᠡ ᠪᠠᠷᠳᠠᠮ

ᠬᠠᠳᠠᠮ ᠰᠠᠢ᠌ᠳᠠᠢ ᠭᠦᠷᠭᠡᠨ ᠪᠠᠷᠳᠠᠮ

ᠬᠠᠭᠠᠨ ᠰᠠᠢ᠌ᠳᠠᠢ ᠠᠯᠪᠠᠳᠤ ᠪᠠᠷᠳᠠᠮ


ᠬᠤᠤᠷᠳᠤ ᠮᠤᠭᠠᠢ ᠶᠢᠨ ᠭᠡᠯᠡ ᠨᠢᠭᠡ ᠣᠷᠳᠤ

ᠬᠤᠯᠠᠭᠠᠢ᠌ᠴᠢ ᠨᠤᠬᠠᠢ ᠶᠢᠨ ᠰᠢᠳᠤ ᠨᠢᠭᠡ ᠣᠷᠳᠤ

ᠬᠤᠪᠴᠢ ᠭᠦᠮᠤᠨ ᠤ ᠬᠤᠩᠰᠢᠶᠠᠷ ᠨᠢᠭᠡ ᠣᠷᠳᠤ


ᠭᠠᠩᠳᠠᠬᠤ ᠳᠡᠭ᠍ᠷᠢ ᠶᠢᠨ ᠨᠠᠷᠠ ᠨᠢᠭᠡ ᠣᠯᠠᠭᠠᠨ

ᠭᠠᠯᠵᠠᠭᠤ ᠨᠤᠬᠠᠢ ᠶᠢᠨ ᠨᠢᠳᠤ ᠨᠢᠭᠡ ᠣᠯᠠᠭᠠᠨ

ᠭᠠᠯᠪᠠ ᠶ‍ᠢᠷᠳᠢᠠᠴᠤ ᠶᠢᠨ ᠳᠤᠭᠤᠰᠤ ᠨᠢᠭᠡ ᠣᠯᠠᠭᠠᠨ


ᠭᠠᠭᠴᠠ ᠮᠤᠳᠤ ᠣᠢ ᠪᠣᠯᠬᠤ ᠦᠭᠡᠶ

ᠭᠠᠭᠴᠠ ᠭᠦᠮᠤᠨ ᠠᠢ᠌ᠯ ᠪᠣᠯᠬᠤ ᠦᠭᠡᠶ

ᠭᠠᠭᠴᠠ ᠣᠴᠢ ᠭᠠᠯ ᠪᠣᠯᠬᠤ ᠦᠭᠡᠶ


ᠭᠦᠭᠡ ᠳᠡᠭ᠍ᠷᠢ ᠣᠳᠤ ᠪᠠᠷ ᠪᠠᠶᠠᠨ

ᠭᠦᠷᠦᠰᠦᠳᠤ ᠭᠠᠵᠠᠷ ᠦᠨᠳᠦᠰᠦ ᠪᠠᠷ ᠪᠠᠶᠠᠨ

ᠭᠦᠭᠡᠷᠡᠭᠦ ᠳᠠᠯᠠᠢ ᠣᠰᠤ ᠪᠠᠷ ᠪᠠᠶᠠᠨ


ᠭᠦᠭᠦᠭᠦᠯᠵᠤ ᠥᠰᠭᠡᠭ᠍ᠰᠡᠨ ᠡᠵᠢ ᠨᠢᠭᠡ ᠠᠴᠢᠳᠠᠢ

ᠭᠦᠮᠤᠨ ᠪᠣᠯᠭᠠᠭᠰᠠᠨ ᠠᠪᠣ ᠨᠢᠭᠡ ᠠᠴᠢᠳᠠᠢ

ᠭᠦᠮᠦᠵᠢᠭᠦᠯᠵᠤ ᠰᠤᠷᠭᠠᠭᠰᠠᠨ ᠪᠠᠭᠰᠢ ᠨᠢᠭᠡ ᠠᠴᠢᠳᠠᠢ


ᠴᠡᠭᠡ ᠰᠠᠷᠬᠤᠤᠨ ᠰᠦᠨ ᠡᠴᠡ ᠭᠠᠷᠳᠠᠭ

ᠴᠡᠴᠡᠭ᠌ ᠨᠠᠪᠴᠢ ᠭᠠᠵᠠᠷ ᠡᠴᠡ ᠭᠠᠷᠳᠠᠭ

ᠴᠠᠴᠠᠨ ᠥᠭᠡ ᠴᠡᠭᠡᠵᠢᠨ ᠡᠴᠡ ᠭᠠᠷᠳᠠᠭ


《ᠮᠤᠩᠭ᠋ᠤᠯ ᠬᠡᠦᠬᠡᠳ ᠤᠨ ᠠᠮᠠᠨ ᠵᠤᠬᠢᠶᠠᠯ ᠤᠨ ᠴᠢᠭᠤᠯᠭᠠᠨ》 ᠡᠴᠡ ᠪᠠᠭᠤᠯᠭᠠᠪᠠ

ᠵᠤᠬᠢᠶᠠᠭᠴᠢ᠄ ᠤᠶᠤᠨᠭᠡᠷᠡᠯ ᠪᠠᠭᠤᠯᠭᠠᠪᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 13416
ᠴᠠᠭ᠄ 2009 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ