ᠨᠡᠪᠲᠡᠷᠡᠨ ᠤᠷᠤᠬᠤ
ᠨᠠᠭᠠᠴᠤ ᠶᠢᠨ ᠵᠤᠰᠠᠯᠠᠩ ᠪᠠᠶᠠᠠᠪᠣᠯᠠᠭ ᠤᠨ ᠳᠠᠠᠵᠢ

ᠰᠢᠭᠦᠳᠡᠷᠢ ᠳᠤᠮᠳᠠ ᠡᠴᠡ

ᠨᠠᠷᠠᠨ ᠣᠷᠭᠤᠳᠠᠭ

ᠰᠡᠪᠠᠯᠵᠡᠭᠡᠨ ᠳᠤᠮᠳᠠ ᠡᠴᠡ

ᠰᠠᠯᠭᠢᠨ ᠨᠢ ᠠᠮᠢᠯᠠᠳᠠᠭ

ᠰᠡᠳᠭᠢᠯ ᠠᠷᠢᠭᠤᠰᠴᠤ

ᠣᠬᠠᠭᠠᠨ ᠪᠣᠰᠳᠠᠭ

ᠨᠠᠰᠤᠨ ᠳᠤ ᠨᠢᠭᠡ ᠯᠠ ᠦᠷᠯᠦᠭᠡ ᠮᠠᠳᠤ

ᠨᠠᠭᠠᠴᠤ ᠶᠢᠨ ᠵᠤᠰᠠᠯᠠᠩ ᠪᠠᠶᠠᠠᠪᠣᠯᠠᠭ ᠤᠨ ᠳᠠᠠᠵᠢ᠃

ᠰᠦᠨ ᠤ ᠦᠨᠦᠷ ᠢ ᠨᠢ ᠰᠠᠯᠭᠢ ᠭᠡᠮᠡᠨ᠎ᠡ

ᠰᠥᠷᠦᠭ᠌ ᠤᠨ ᠳᠦᠷᠦᠭᠦᠤ ᠶᠢ ᠨᠢ ᠭᠡᠰᠢᠭ᠌ ᠭᠡᠮᠡᠨ᠎ᠡ

ᠭᠦᠢᠳᠡᠨ ᠪᠣᠯᠠᠭ ᠢ ᠨᠢ ᠷᠠᠰᠢᠶᠠᠨ ᠭᠡᠨ᠎ᠡ

ᠭᠡᠭᠡᠷ᠎ᠡ ᠶᠢᠨ ᠴᠠᠢ ᠶᠢ ᠨᠢ ᠠᠮᠢᠳᠤᠷᠠᠯ ᠭᠡᠨ᠎ᠡ

ᠬᠤᠯᠠ ᠶᠢᠨ ᠠᠨᠢᠷ ᠲᠡᠶ ᠨᠠᠮᠵᠢᠭᠤᠨ ᠨᠤᠳᠤᠭ

ᠬᠤᠳᠠᠯᠠ ᠳᠤ ᠳᠡᠭᠦᠰ ᠪᠠᠶᠠᠨ ᠨᠤᠳᠤᠭ

ᠭᠦᠮᠤᠨ ᠤ ᠪᠢᠰᠢ ᠮᠢᠨᠤ

ᠨᠠᠭᠠᠴᠤ ᠶᠢᠨ ᠵᠤᠰᠠᠯᠠᠩ

ᠪᠠᠶᠠᠠᠪᠣᠯᠠᠭ ᠤᠨ ᠮᠢᠨᠢ ᠳᠠᠠᠵᠢ᠃

ᠭᠦᠴᠦᠳᠤ ᠪᠦᠭᠡ᠂ ᠬᠤᠷᠳᠤᠨ ᠮᠤᠷᠢ

ᠨᠤᠳᠤᠭ ᠤᠨ ᠠᠯᠳᠠᠷ ᠶᠢᠡᠨ ᠡᠷᠭᠦᠨ᠎ᠡ᠂

ᠭᠦᠳᠡᠭᠡ ᠶᠢᠨ ᠶᠠᠷᠢᠶ᠎ᠠ᠂ ᠬᠠᠭᠤᠴᠢ ᠵᠤᠭᠤᠭ

ᠨᠤᠳᠤᠭ ᠤᠨ ᠳᠡᠦᠭᠡ ᠨᠢ ᠵᠤᠵᠠᠭᠠᠳᠤᠨ᠎ᠠ᠂

ᠦᠶ᠎ᠡ ᠦᠶ᠎ᠡ ᠶᠢᠨ ᠮᠠᠯᠴᠢᠳ

ᠡᠪᠦᠯᠵᠢᠶᠡᠨ ᠡᠴᠡ ᠪᠠᠨ ᠡ᠊ᠨᠳᠡ ᠢᠷᠡᠳᠡᠭ᠌

ᠥᠭᠡᠷ ᠥᠭᠡᠷ ᠤᠨ ᠰᠥᠷᠦᠭ᠌ ᠨᠢ

ᠡᠨᠡ ᠯᠠ ᠨᠤᠳᠤᠭ ᠲᠤ ᠵᠤᠵᠠᠭᠠᠷᠠᠳᠠᠭ

ᠠᠮᠢᠳᠤ ᠶᠢᠨ ᠳᠡᠦᠭᠡ ᠲᠡᠶ ᠪᠣᠭᠤᠷᠤᠯ ᠨᠤᠳᠤᠭ

ᠠᠷᠠᠠᠰᠢᠨ ᠤ ᠢᠵᠠᠭᠤᠷ ᠢ ᠨᠢᠭᠤᠭᠰᠠᠨ ᠨᠤᠳᠤᠭ

ᠭᠦᠢ ᠳᠠᠷᠤᠵᠤ ᠳᠠᠭᠢᠨ ᠲᠦᠷᠦᠮᠠᠷ ᠪᠣᠷᠬᠠᠨ ᠨᠤᠳᠤᠭ

ᠭᠦᠷᠦᠭᠡᠳ ᠣᠴᠢᠪᠠᠯ ᠰᠠᠯᠤᠮᠠᠷ ᠦᠭᠡᠶ ᠰᠠᠨᠠᠭᠠᠨ ᠤ ᠨᠤᠳᠤᠭ

ᠥᠭᠯᠢᠭᠡ ᠰᠡᠳᠭᠢᠯᠳᠤ ᠨᠠᠪᠳᠠᠭ ᠰᠠᠪᠳᠠᠭ ᠤᠨ ᠰᠠᠭᠢᠭᠰᠠᠨ ᠨᠤᠳᠤᠭ

ᠦᠷᠦᠭᠡᠯ ᠤᠨ ᠶᠠᠭᠤᠮ᠎ᠠ ᠶᠢ ᠭᠦᠭᠡᠭᠡᠮᠡᠷ ᠪᠣᠯᠬᠤ ᠠᠷᠢᠭᠤᠨ ᠨᠤᠳᠤᠭ ᠡ᠂

ᠣᠯᠠᠭᠠᠨ ᠳᠤᠭᠤᠰᠤᠨ ᠡᠴᠡ ᠠᠩᠭᠢᠳᠠ ᠮᠠᠳᠤ ᠳᠡᠭ᠍ᠷᠢ ᠶᠢᠨ ᠨᠤᠳᠤᠭ

ᠨᠠᠰᠤ ᠪᠠᠨ ᠮᠠᠷᠳᠠᠵᠤ ᠮᠥᠩᠭᠡᠷᠡᠨ ᠰᠠᠭᠤᠮᠠᠷ ᠨᠠᠭᠠᠴᠤ ᠶᠢᠨ ᠮᠢᠨᠢ ᠨᠤᠳᠤᠭ ᠡ᠃


ᠬᠠᠶ‍ᠢᠭ ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ

ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 2626
ᠴᠠᠭ᠄ 2010 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ