☆ ᠪᠦᠷᠢᠠᠳᠤᠩᠭ᠋ᠠᠯᠠᠭ
ᠨᠣᠢ᠌ᠷ ᠦᠭᠡᠶ ᠰᠦᠨᠢ
ᠮᠠᠷᠳᠠᠵᠤ ᠴᠢᠳᠠᠬᠤ ᠥᠭᠡᠢ
ᠪᠦᠷᠦᠭ᠍ᠭᠡᠨ ᠳᠤᠷᠠᠯᠠᠯ ᠤᠨ ᠨᠥᠮᠵᠢᠭ᠍ᠭᠡᠨ ᠳᠤᠷᠠᠰᠤᠯ ᠶᠢᠡᠨ
ᠮᠠᠷᠳᠠᠬᠤ ᠶᠢᠨ ᠳᠦᠯᠦᠭᠡ
ᠪᠦᠳᠤᠨ ᠰᠦᠨᠢ ᠪᠠᠷ ᠮᠠᠨᠠᠵᠤ ᠰᠠᠭᠤᠭᠰᠠᠨ
ᠬᠤᠵᠢᠭᠤ ᠰᠠᠷ᠎ᠠ ᠲᠡᠶ ᠰᠦᠨᠢ ᠶᠢ
ᠬᠠᠳᠠᠭᠤ ᠳᠠᠪᠢᠯᠠᠩ ᠲᠡᠶ ᠯᠠ ᠨᠥᠭ᠍ᠴᠢᠭᠡᠯᠡ᠃
ᠮᠡᠭᠡᠯᠡᠵᠤ ᠴᠢᠳᠠᠬᠤ ᠦᠭᠡᠶ
ᠬᠤᠯᠭᠤᠵᠤ ᠱᠤᠬᠤᠭᠤᠷᠬᠠᠭᠰᠠᠨ ᠥᠮᠴᠢᠷᠭᠡᠨ ᠪᠠᠬᠠᠷᠬᠠᠯ ᠶᠢᠡᠨ
ᠮᠡᠯᠵᠢᠭᠦ ᠶᠢᠨ ᠳᠦᠯᠦᠭᠡ
ᠵᠤᠷᠢᠮᠠᠭᠬᠠᠨ ᠵᠦᠷᠢᠵᠤ ᠵᠤᠵᠢᠭᠬᠠᠨ ᠵᠠᠩᠨᠠᠭᠰᠠᠨ
ᠢᠯᠡᠭᠦᠤ ᠥᠭᠡ ᠦᠭᠡᠶ ᠡᠳᠦᠷ ᠤᠳ
ᠪᠢᠳᠡᠭᠦᠤ ᠭᠤᠨᠢᠭ ᠲᠡᠶ ᠣᠢ᠌ᠤᠠᠬᠠᠷᠯᠠᠪᠠ᠃
ᠭᠡᠯᠡᠵᠤ ᠴᠢᠳᠠᠬᠤ ᠦᠭᠡᠶ
ᠨᠢᠭᠤᠴᠠᠬᠠᠨ ᠰᠡᠳᠭᠢᠯ ᠤᠨ ᠦᠨᠡᠨ ᠬᠠᠢ᠌ᠷ᠎ᠠ ᠪᠠᠨ
ᠭᠡᠯᠡᠭᠦ ᠶᠢᠨ ᠳᠦᠯᠦᠭᠡ
ᠭᠡᠴᠢᠨᠡᠨ ᠣᠳᠠᠭ᠎ᠠ ᠪᠠᠷ ᠭᠡᠢ᠌ᠷᠭᠡᠨ ᠳᠤᠭᠳᠤᠯᠤᠭᠰᠠᠨ
ᠳᠤᠳᠠᠭᠤ ᠰᠢ᠌ᠳᠤᠯᠳᠠ ᠲᠡᠶ ᠠᠭᠤᠯᠵᠠᠯᠳᠠ ᠤᠳ
ᠭᠡᠴᠡᠭᠦᠤ ᠭᠦᠡᠳᠤ ᠡᠷᠢᠭ᠍ᠳᠡᠨ᠎ᠡ᠃
ᠬᠠᠨᠢᠯᠠᠵᠤ ᠪᠣᠯᠬᠤ ᠦᠭᠡᠶ
ᠢᠯᠡᠭᠡᠨ ᠴᠡᠭᠡᠷ ᠲᠡᠶ ᠣᠢ᠌ᠷᠠᠬᠠᠨ ᠵᠠᠢ ᠳᠤ
ᠬᠠᠢ᠌ᠷᠠᠯᠠᠬᠤ ᠶᠢᠨ ᠡᠷᠭᠡ ᠪᠠᠷ
ᠢᠭ᠍ᠳᠦᠯᠤᠨ ᠳᠤᠭᠳᠤᠯᠵᠤ ᠰᠡᠮᠡᠷᠭᠡᠨ ᠡᠭᠡᠨᠡᠭ᠍ᠰᠢᠭ᠍ᠰᠡᠨ
ᠬᠠᠷᠢᠭᠤ ᠣᠯᠬᠤ ᠦᠭᠡᠶ ᠪᠣᠳᠤᠯ ᠤᠳ
ᠭᠠᠰᠢᠭᠤ ᠣᠷᠭᠢᠨ ᠣᠢ᠌ᠮᠤᠷᠤᠯᠠ ᠁
ᠬᠠᠶᠢᠭ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠮᠤᠳᠤᠳᠤ ᠭᠤᠤᠯ ᠰᠤᠷᠭᠠᠭᠤᠯᠢ
ᠵᠤᠬᠢᠶᠠᠭᠴᠢ᠄ ᠪᠦᠷᠢᠠᠳᠤᠩᠭ᠋ᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3101
ᠴᠠᠭ᠄ 2009 ᠤᠨ ᠤ 06 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ