☆ ᠬᠠᠷᠠᠨᠤᠳ ᠳᠦᠷᠤ ᠵᠠᠶᠠᠭ᠎ᠠ
ᠵᠢᠷᠦᠭᠡᠨ ᠳᠠᠮᠢᠷ
ᠰᠠᠨᠠᠭ᠎ᠠ ᠠᠯᠳᠠᠬᠤ ᠶᠢᠨ ᠳᠤᠭ᠎ᠠ ᠪᠠᠷ
ᠰᠡᠷᠢᠭ᠍ᠰᠡᠨ ᠵᠡᠭᠦᠳᠤ ᠰᠠᠮᠠᠷᠴᠤ ᠪᠠᠷᠠᠭᠳᠠᠪᠠ᠂
ᠪᠢ ᠣᠠᠳᠠᠭ᠎ᠠ ᠦᠭᠡᠶ ᠪᠠᠢ᠌ᠨ᠎ᠠ᠂
ᠵᠤᠪᠠᠯᠠᠩ ᠵᠢᠷᠭᠠᠯ ᠬᠤᠶᠠᠷ ᠢ ᠊᠊᠊᠊᠊᠊᠊᠊᠊᠊᠊᠊᠊᠊᠊ ᠪᠠᠰᠠ
ᠴᠢᠦᠡᠭᠦᠷ ᠪᠣᠷᠬᠠᠨ ᠬᠤᠶᠠᠷ ᠢ
ᠵᠤᠪᠠᠵᠤ ᠡᠭᠦᠷᠦᠭ᠍ᠰᠡᠭᠡᠷ
ᠵᠢᠷᠦᠭᠡ ᠮᠢᠨᠢ ᠴᠢᠯᠠᠵᠠᠢ᠂
ᠪᠢ ᠠᠮᠢᠳᠤ ᠪᠠᠢ᠌ᠨ᠎ᠠ᠂
ᠠᠯᠳᠠᠷᠠᠢ᠌ᠬᠠᠨ ᠵᠠᠯᠠᠭᠤ ᠡᠨᠡ ᠳᠠᠷᠠ
ᠠᠶᠠᠨ ᠵᠠᠮ ᠤᠨ ᠵᠢᠰᠤ ᠴᠢᠷᠠᠢ
ᠠᠶᠤᠳᠠᠰᠤ᠂ ᠪᠠᠶᠠᠷ ᠤᠨ
ᠠᠳᠬᠠᠭ ᠵᠤᠯᠢᠶᠠᠰᠤ ᠪᠣᠯᠬᠤ ᠨᠢ᠂
ᠠᠷᠭ᠎ᠠ ᠦᠭᠡᠶ ᠊᠊᠊᠊᠊᠊᠊᠊᠊᠊᠊᠊᠊᠊᠊
ᠠᠩᠬ᠎ᠠ ᠣᠳᠠᠭ᠎ᠠ ᠵᠢᠷᠦᠭᠡᠯᠡᠵᠤ
《ᠠᠮᠢᠳᠤᠷᠠᠪᠠ》 ︕
ᠠᠮᠢᠳᠤᠷᠠᠵᠤ ᠠᠮᠳᠠᠯᠠᠪᠠ
ᠠᠮᠳᠠ ᠨᠢ ᠠᠯᠠᠭ ᠪᠣᠷᠤ ᠊᠊᠊᠊᠊᠊᠊᠊᠊᠊᠊᠊᠊᠊᠊ ᠪᠠᠰᠠ
ᠦᠨᠡᠨ ᠬᠤᠳᠠᠯ᠂
ᠨᠢᠯᠪᠣᠰᠤ᠂ ᠢᠨᠢᠶᠠᠳᠤ ᠪᠠᠢ᠌ᠵᠠᠢ᠂
ᠣᠷᠭᠤᠵᠤ᠂ ᠣᠷᠭᠤᠭᠤᠯᠠᠵᠤ ᠣᠶᠠᠷᠠᠭᠰᠠᠨ
ᠪᠣᠳᠤᠯ ᠪᠣᠳᠤᠯ ᠤᠨ ᠬᠤᠷᠤᠮ ᠳ᠋ᠤ
ᠳᠤᠮᠤ ᠵᠢᠵᠢᠭ᠌ ᠪᠣᠯᠵᠤ
ᠴᠢᠦᠡᠭᠦᠷ ᠪᠣᠷᠬᠠᠨ ᠬᠤᠶᠠᠷ ᠪᠣᠯᠵᠤ
ᠬᠠᠷ᠎ᠠ ᠴᠠᠭᠠᠨ ᠥᠩᠭᠡ ᠪᠠᠷ ᠳᠤᠭᠯᠠᠪᠠ ︕
ᠴᠢ 《ᠠᠯᠳᠠᠭ᠎ᠠ》
ᠪᠢ 《ᠣᠨᠤᠭ᠎ᠠ》 ᠪᠠᠢ᠌ᠵᠠᠢ᠃
ᠴᠡᠩᠭᠡᠯ ᠪᠠᠶᠠᠰᠤᠯ ᠤᠨ ᠣᠷᠤᠨ ᠵᠢᠠᠷ
ᠴᠡᠩᠭᠡᠭᠦᠨ ᠡᠩᠭᠡᠵᠢᠭᠦᠨ ᠪᠠᠢ᠌ᠨ᠎ᠠ
ᠴᠢ ᠳᠠᠠᠳᠠ ᠣᠴᠢᠬᠤ ᠦᠦ ᠊᠊᠊᠊᠊᠊᠊᠊᠊᠊᠊᠊᠊᠊᠊ ᠵᠢᠷᠦᠭᠡ ᠮᠢᠨᠢ᠂
ᠴᠠᠯ ᠪᠣᠭᠤᠷᠤᠯ ᠬᠠᠨᠢ ᠳᠠᠢ
ᠴᠠᠰᠤᠨ ᠴᠠᠭᠠᠨ ᠬᠤᠷᠸ᠎ᠠ ᠪᠠᠢ᠌ᠨ᠎ᠠ
ᠣᠴᠢᠬᠤ ᠦᠦ᠂ ᠪᠣᠯᠢᠬᠤ ᠤᠤ
ᠣᠷᠤᠰᠢᠬᠤ ᠦᠦ᠂ ᠪᠠᠢ᠌ᠬᠤ ᠤᠤ
ᠠᠮᠢᠰᠬᠤᠬᠤ ᠦᠦ᠁ ᠊ᠤᠤ᠂
ᠭᠡᠷᠡᠯ ᠠᠰᠴᠠᠢ᠂ ᠪᠢ ᠰᠠᠷᠢᠪᠠ᠂
ᠭᠡᠭᠡᠷᠡᠵᠤ ᠰᠡᠷᠭᠦᠪᠡ ᠊᠊᠊᠊᠊᠊᠊᠊᠊᠊᠊᠊᠊᠊᠊
ᠪᠢ ᠡᠷᠭᠢᠵᠤ ᠢᠷᠡᠭ᠍ᠰᠡᠨ ᠪᠠᠢ᠌ᠨ᠎ᠠ︕
ᠣᠨ ᠣᠨ ᠤ ᠭᠦᠷᠳᠤᠨ ᠳᠤ
ᠰᠡᠭᠦᠭ᠍ᠰᠡᠨ ᠳᠡᠦᠭᠡ ᠰᠠᠮᠠᠷᠴᠤ ᠡᠯᠡᠭ᠍ᠳᠡᠪᠡ
ᠨᠢᠭᠦᠯ ᠪᠣᠶᠠᠨ ᠤ ᠠᠴᠢᠶ᠎ᠠ ᠵᠢ
ᠶᠠᠰᠤ ᠴᠢᠰᠤᠨ ᠤ ᠭᠡᠯᠭᠢᠶ᠎ᠡ ᠶᠢ
ᠵᠤᠪᠠᠵᠤ ᠡᠭᠦᠷᠦᠭ᠍ᠰᠡᠭᠡᠷ
《ᠵᠢᠷᠦᠭᠡ》 ᠮᠢᠨᠢ ᠴᠢᠯᠠᠵᠠᠢ᠂
ᠥ ᠊᠊᠊᠊᠊᠊᠊᠊᠊᠊᠊᠊᠊᠊᠊
ᠪᠢ ᠰᠡᠷᠢᠭᠡ ᠦᠭᠡᠶ ᠪᠠᠢ᠌ᠨ᠎ᠠ︕
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ
ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2644
ᠴᠠᠭ᠄ 2011 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ