☆ ᠶᠤ᠋·ᠮᠦᠩᠬᠡᠪᠠᠭᠠᠲᠤᠷ
ᠡᠯᠡᠰᠤᠨ ᠳᠤᠯᠤᠭᠠᠢ
ᠬᠤᠩᠭ᠋ᠤᠷ ᠨᠠᠮᠤᠷ ᠢ ᠬᠠᠮᠳᠤ ᠳᠤᠭᠤᠯᠤᠭᠰᠠᠨ ᠶᠢᠡᠨ ᠳᠤᠷᠠᠰᠴᠤ
ᠬᠤᠯᠠ ᠶᠢᠨ ᠪᠦᠰᠡᠭᠦᠢ ᠳᠤ ᠡᠨᠡ ᠰᠢᠯᠦᠭ᠌ ᠢ ᠪᠢᠴᠢᠯ᠎ᠠ
ᠠᠭᠰᠤᠮ ᠬᠠᠷ᠎ᠠ ᠮᠤᠷᠢᠳᠠᠢ ᠬᠤᠯᠠ ᠶᠢᠨ ᠨᠠᠢ᠌ᠷᠠᠭᠴᠢ
ᠠᠢ᠌ᠯ ᠤᠨ ᠬᠠᠷ᠎ᠠ ᠨᠢᠳᠤᠨ ᠪᠦᠰᠡᠭᠦᠢ ᠳᠡᠭᠦᠨ ᠲᠡᠶ
ᠡᠯᠡᠰᠤᠨ ᠳᠤᠯᠤᠭᠠᠢ ᠳᠡᠭᠡᠷ᠎ᠡ ᠠᠭᠤᠯᠵᠠᠨ᠎ᠠ ᠭᠡᠮᠡᠨ
ᠡᠨᠡ ᠯᠠ ᠨᠠᠰᠤᠨ ᠳᠠᠭᠠᠨ ᠣᠭᠳᠤ ᠪᠣᠳᠤᠵᠤ ᠵᠡᠭᠦᠳᠦᠯᠡᠭᠡ ᠦᠭᠡᠶ ᠶᠠᠪᠣᠯ᠎ᠠ᠁
ᠬᠠᠳᠠ ᠬᠠᠷᠠᠯᠠᠨ ᠴᠠᠰᠤᠨ ᠤ ᠠᠭᠤᠷ ᠳᠡᠭᠡᠭᠦ ᠰᠢᠭ᠌
ᠬᠤᠨᠢ ᠪᠠᠯᠴᠢᠭᠡᠤᠨ ᠡᠯᠡᠰᠤᠨ ᠳᠤᠯᠤᠭᠠᠢ ᠶᠢ ᠣᠷᠢᠶᠠᠬᠤ ᠳᠤ
ᠥᠵᠦᠭᠦᠷ ᠨᠢ ᠵᠠᠯᠭᠠᠯᠳᠤᠮᠠᠷ ᠵᠠᠢ ᠳᠡᠭᠡᠷ᠎ᠡ ᠬᠤᠶᠠᠭᠤᠯᠠ
ᠥᠵᠡᠭᠡ ᠳᠠᠨᠢᠭ᠎ᠠ ᠦᠭᠡᠶ ᠠᠳᠠᠯ᠎ᠠ ᠬᠠᠷᠠᠴᠠ ᠮᠥᠷᠭᠦᠯᠳᠤᠨ ᠣᠴᠠᠷᠠᠯ᠎ᠠ
ᠢᠵᠢᠯᠢ ᠬᠠᠷ᠎ᠠ ᠮᠤᠷᠢ ᠨᠢ ᠡᠯᠡᠰᠤᠨ ᠳᠡᠭᠡᠷ᠎ᠡ ᠳᠦᠷᠭᠡᠨ᠎ᠡ
ᠢᠷᠠᠢ᠌ᠭᠰᠠᠨ ᠰᠥᠷᠦᠭ᠌ ᠨᠢ ᠡᠯᠡᠰᠤᠨ ᠳᠡᠭᠡᠷ᠎ᠡ ᠪᠦᠮᠪᠦᠯᠵᠡᠨ᠎ᠡ
ᠢᠳᠠᠷ ᠬᠤᠶᠠᠷ ᠬᠠᠷᠢ ᠨᠢ ᠡᠯᠡᠰᠤᠨ ᠳᠡᠭᠡᠷ᠎ᠡ ᠳᠤᠨᠢᠷᠬᠠᠨ᠎ᠠ
ᠢᠴᠢᠮᠡᠳᠡᠭᠡᠢ ᠵᠠᠩ ᠨᠢ ᠡᠯᠡᠰᠤᠨ ᠳᠡᠭᠡᠷ᠎ᠡ ᠬᠠᠭᠠᠷᠠᠯ᠎ᠠ
ᠭᠡᠷ ᠲᠤ ᠢᠷ᠎ᠠ ᠭᠡᠵᠤ ᠵᠠᠯᠠᠭᠰᠠᠨ ᠡᠯᠡᠰᠤᠨ ᠳᠤᠯᠤᠭᠠᠢ
ᠭᠡᠳᠡᠳᠡᠭ᠌ ᠬᠠᠯᠳᠠᠷ ᠨᠤᠬᠠᠢ ᠪᠠᠨ ᠰᠡᠭᠦᠳᠡᠷ ᠳᠡᠭᠡᠨ ᠬᠤᠷᠢᠭᠰᠠᠨ ᠡᠯᠡᠰᠤᠨ ᠳᠤᠯᠤᠭᠠᠢ
ᠵᠠᠭ ᠶᠢᠡᠨ ᠦᠷᠲᠦᠵᠦ ᠬᠠᠢ᠌ᠷ᠎ᠠ ᠪᠠᠨ ᠰᠢᠪᠠᠨᠡᠭ᠍ᠰᠡᠨ ᠡᠯᠡᠰᠤᠨ ᠳᠤᠯᠤᠭᠠᠢ
ᠵᠠᠪᠰᠠᠷ ᠤᠨ ᠰᠠᠯᠭᠢ ᠶᠢ ᠴᠠᠩᠳᠠᠵᠤ ᠭᠠᠳᠠᠨ᠎ᠠ ᠪᠠᠨ ᠪᠦᠷᠳᠦᠯᠵᠡᠭ᠍ᠰᠡᠨ ᠡᠯᠡᠰᠤᠨ ᠳᠤᠯᠤᠭᠠᠢ
ᠰᠠᠷ᠎ᠠ ᠦᠭᠡᠶ ᠰᠦᠨᠢ ᠰᠠᠤᠠᠭᠢᠯ ᠳᠤ ᠳᠡᠷᠭᠡᠯᠭᠡᠨ ᠡᠯᠡᠰᠤᠨ ᠳᠤᠯᠤᠭᠠᠢ
ᠰᠠᠢ᠌ᠬᠠᠨ ᠪᠦᠰᠡᠭᠦᠢ ᠲᠡᠶ ᠨᠠᠷᠭᠢᠵᠤ ᠬᠤᠨᠤᠭᠰᠠᠨ ᠡᠯᠡᠰᠤᠨ ᠳᠤᠯᠤᠭᠠᠢ
ᠠᠨᠢᠷ ᠴᠢᠩᠨᠠᠵᠤ ᠰᠤᠴᠢᠭᠰᠠᠨ ᠡᠯᠡᠰᠤᠨ ᠳᠤᠯᠤᠭᠠᠢ
ᠠᠷᠭᠠᠯ ᠣᠳᠤᠭ᠎ᠠ ᠳᠤᠨᠤᠭᠰᠠᠨ ᠡᠯᠡᠰᠤᠨ ᠳᠤᠯᠤᠭᠠᠢ
ᠨᠠᠢ᠌ᠷᠠᠭ ᠤᠨ ᠡᠯᠡᠰᠤᠨ ᠳᠤᠯᠤᠭᠠᠢ ᠰᠢᠯᠦᠭᠯᠡᠵᠤ ᠨᠡᠭᠦᠨ᠎ᠡ
ᠨᠠᠷᠠᠨ ᠤ ᠡᠯᠡᠰᠤᠨ ᠳᠤᠯᠤᠭᠠᠢ ᠰᠢᠷᠭᠠᠯᠳᠤᠵᠤ ᠨᠡᠭᠦᠨ᠎ᠡ
ᠪᠠᠭᠤᠷᠢ ᠶᠢᠨ ᠡᠯᠡᠰᠤᠨ ᠳᠤᠯᠤᠭᠠᠢ ᠨᠤᠳᠤᠭ ᠰᠠᠭᠢᠨ᠎ᠠ
ᠪᠢᠳᠠ ᠬᠤᠶᠠᠷ ᠤᠨ ᠡᠯᠡᠰᠤᠨ ᠳᠤᠯᠤᠭᠠᠢ ᠪᠣᠯᠵᠤᠵᠤ ᠨᠡᠭᠦᠨ᠎ᠡ
ᠴᠢᠮ᠎ᠠ ᠶᠢ ᠠᠮᠠᠷᠠᠭ ᠶᠢᠡᠨ ᠭᠡᠵᠤ ᠡ᠊ᠨᠳᠡᠭᠦᠷᠡᠵᠤ ᠵᠡᠭᠦᠳᠦᠯᠡᠭ᠍ᠰᠡᠨ ᠡᠯᠡᠰᠤᠨ ᠳᠤᠯᠤᠭᠠᠢ
ᠴᠢᠮ᠎ᠠ ᠳᠤ ᠢᠨᠠᠭ ᠤᠨ ᠰᠢᠯᠦᠭ᠌ ᠪᠢᠴᠢᠭᠦ ᠳᠤ ᠭᠠᠷᠴᠠᠭ ᠨᠢ ᠬᠠᠭᠤᠴᠢᠷᠠᠭᠰᠠᠨ ᠡᠯᠡᠰᠤᠨ ᠳᠤᠯᠤᠭᠠᠢ
ᠴᠢᠮ᠎ᠠ ᠲᠡᠶ ᠵᠤᠯᠭᠠᠵᠤ ᠭᠦᠭᠡᠷᠦᠭᠦ ᠳᠤ ᠮᠠᠯ ᠨᠢ ᠨᠡᠢ᠌ᠯᠡᠭ᠍ᠰᠡᠨ ᠡᠯᠡᠰᠤᠨ ᠳᠤᠯᠤᠭᠠᠢ
ᠴᠢᠮ᠎ᠠ ᠡᠴᠡ ᠬᠤᠯᠠᠳᠠᠬᠤ ᠳᠤ ᠣᠢ᠌ᠳᠤᠵᠤ ᠭᠠᠭᠴᠠᠭᠠᠷᠳᠠᠭᠰᠠᠨ ᠡᠯᠡᠰᠤᠨ ᠳᠤᠯᠤᠭᠠᠢ
ᠬᠠᠢ᠌ᠷ᠎ᠠ ᠶᠢᠨ ᠭᠢᠯᠢ ᠶᠢ ᠭᠡᠷᠴᠢᠵᠤ ᠳᠠᠪᠠᠭᠰᠠᠨ ᠡᠯᠡᠰᠤᠨ ᠳᠤᠯᠤᠭᠠᠢ
ᠬᠠᠨᠢ ᠶᠢᠨ ᠰᠠᠤᠠᠭᠢᠯ ᠢ ᠪᠣᠯᠠᠵᠤ ᠰᠢᠭᠤᠷᠳᠠᠭ ᠦᠭᠡᠶ ᠡᠯᠡᠰᠤᠨ ᠳᠤᠯᠤᠭᠠᠢ
ᠬᠠᠢ᠌ᠷ᠎ᠠ ᠶᠢ ᠬᠤᠶᠠᠷ ᠬᠤᠪᠢᠶᠠᠵᠤ ᠴᠢᠳᠠᠳᠠᠭ ᠦᠭᠡᠶ ᠡᠯᠡᠰᠤᠨ ᠳᠤᠯᠤᠭᠠᠢ
ᠬᠠᠷ᠎ᠠ ᠪᠠᠷ ᠳᠠᠰᠤᠭᠰᠠᠨ ᠴᠤ ᠠᠮᠠᠷᠠᠭᠯᠠᠵᠤ ᠪᠣᠯᠳᠠᠭ ᠦᠭᠡᠶ ᠡᠯᠡᠰᠤᠨ ᠳᠤᠯᠤᠭᠠᠢ
ᠡᠮᠭᠡᠨᠢᠨ ᠳᠠᠭᠤᠯᠠᠵᠤ ᠡᠭᠡ ᠨᠤᠳᠤᠭ ᠶᠢᠡᠨ ᠵᠤᠷᠢᠬᠤ ᠳᠤ
ᠡᠭᠡᠰᠢᠭ᠌ ᠤᠨ ᠠᠶ᠎ᠠ ᠪᠠᠷ ᠰᠢᠭᠤᠷᠠᠭᠰᠠᠨ ᠮᠢᠨᠤ ᠡᠯᠡᠰᠤᠨ ᠳᠤᠯᠤᠭᠠᠢ᠁
ᠡᠮᠵᠡᠭ᠍ᠭᠡᠨ ᠵᠢᠷᠦᠭᠡᠨ ᠤ ᠪᠣᠷᠠᠠᠳᠠᠭ ᠢ ᠳᠠᠰᠤᠴᠢᠵᠤ ᠪᠣᠢ᠌ᠯᠠᠭᠰᠠᠨ
ᠡᠩᠭᠦᠷᠡᠢ ᠰᠤᠪᠳᠠᠭ ᠣᠶᠠᠷᠠᠮᠠ ᠶᠢᠨ ᠮᠢᠨᠢ ᠡᠯᠡᠰᠤᠨ ᠳᠤᠯᠤᠭᠠᠢ᠁
ᠵᠤᠬᠢᠶᠠᠭᠴᠢ᠄ ᠶᠤ᠋·ᠮᠦᠩᠬᠡᠪᠠᠭᠠᠲᠤᠷ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3312
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ